ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠰᠣᠷ ᠦᠵᠡᠮᠦᠷᠢ ᠨᠦ᠋ᢉᠦᠳ

ᠠᠶᠤᠮᠰᠢᠭᠲᠤ ᠦᠯᠦᢉ ᢉᠦᠷᠪᠡᠯ – ᠲᠠᠷᠪᠤᠵᠠᠪᠷ ᠪᠠᠲᠤ ᠪᠠᠷ ᠰᠢᠨᠵᠢᠯᠡᢈᠦ ᠤᠬᠠᠭᠠᠨ ᠤ᠋ ᠨᠡᠷ᠎ᠡ: Tarbosaurus bataar

ᠨᠡᠷ᠎ᠡ ᠶ᠋ᠢᠨ ᠤᠳᠬ᠎ᠠ: ᠯᠠᠲᠤ᠃ tarbo = ᠠᠶᠤᠮᠰᠢᠭᠲᠤ᠂ saurus = ᠦᠯᠦᢉ ᢉᠦᠷᠪᠡᠯ᠂ bataar=ᠪᠠᠭᠠᠲᠤᠷ ᠪᠡᠶ᠎ᠡ ᠶ᠋ᠢᠨ ᢈᠡᠮᠵᠢᠶ᠎ᠡ: ᠤᠷᠲᠤ ᠑᠐-᠑᠒ ᠮᠧᠲ᠋ᠷ᠂ ᠥᠨᠳᠦᠷ ᠔ ᠮᠧᠲ᠋ᠷ᠂ ᠵᠢᠩ ᠒-᠓ ᠲᠣᠨᠨ ᠢᠳᠡᠰᠢ ᠲᠡᠵᠢᢉᠡᠯ: ᠮᠢᠬᠠᠨ ᠢᠳᠡᠰᠢᠲᠦ ᠣᠯᠳᠠᠪᠤᠷᠢᠲᠤ ᠭᠠᠵᠠᠷ: ᠮᠣᠩᠭᠣᠯ ᠤᠯᠤᠰ᠂ ᠡᠮᠦᠨᠡᠭᠣᠪᠢ ᠠᠶᠢᠮᠠᠭ᠂ ᠨᠡᠮᠡᢉᠲᠦ ᠶ᠋ᠢᠨ ᠳᠠᠪᠬᠤᠷᠭᠠᠳᠠᠰᠤ ᢉᠧᠣᠯᠤᢉᠢ ᠶ᠋ᠢᠨ ᠴᠠᠭ ᠬᠤᠭᠤᠴᠠᠭ᠎ᠠ: ᠬᠣᠵᠢᠭᠤ ᠴᠡᠷᠡᠳ (᠗᠑-᠖᠕ ᠰᠠᠶ᠎ᠠ ᠵᠢᠯ ᠦ᠋ᠨ ᠡᠮᠦᠨ᠎ᠡ)

ᠠᠩᢉᠢᠯᠠᠯ ᠵᠦᠢ: Theropoda Marsh᠂ᠤ‍᠂ ᠹ‍᠂᠂ ᠑᠘᠘᠑ Tyrannosauridae Osbornᠹ᠂ ᠑᠙᠐᠕ Tarbosaurus Maleev᠂ᠤ‍᠂ ᠹ‍᠂᠂ ᠑᠙᠕᠕ Tarbosaurus bataar Maleev᠂ ᠑᠙᠕᠕ ᠲᠠᠷᠪᠣᠵᠠᠪᠷ ᠪᠠᠲᠤ ᠪᠠᠷ ᠨᠢ ᠴᠡᠷᠡᠳ ᠦ᠋ᠨ ᠭᠠᠯᠪᠠ ᠳ᠋ᠤ ᠠᠮᠢᠳᠤᠷᠠᠵᠤ ᠪᠠᠶᠢᠭᠰᠠᠨ ᠮᠢᠬᠠᠨ ᠢᠳᠡᠰᠢᠲᠦ ᠠᠪᠤᠷᠭᠤ ᠦᠯᠦᢉ ᢉᠦᠷᠪᠡᠯ ᠦ᠋ᠳ ᠦ᠋ᠨ ᠬᠠᠮᠤᠭ ᠤ᠋ᠨ ᠲᠣᠮᠤ ᠳ᠋ᠤ ᠲᠣᠭᠠᠴᠠᠭᠳᠠᠳᠠᠭ᠃ ᠬᠣᠶᠢᠳᠤ ᢈᠥᠯ ᠢ᠋ᠶᠡᠷ ᠢ᠋ᠶᠡᠨ ᠲᠦᠷᢉᠡᠨ ᢈᠥᠳᠡᠯᠵᠦ᠂ ᠤᠷᠲᠤ ᠰᠡᢉᠦᠯ ᠨᠢ ᠤᠭ ᠬᠠᠪᠢ ᠳ᠋ᠤ ᠪᠠᠨ ᠲᠣᠮᠤ ᠪᠤᠯᠴᠢᠩ ᠲᠠᠢ ᠲᠤᠯᠠ ᠰᠡᢉᠦᠯ ᠢ᠋ᠶᠡᠨ ᢈᠡᠪᠲᠡᢉᠡ ᠰᠢᠬᠠᠭᠤ ᠲᠥᠪᠰᠢᠨ ᠳ᠋ᠦ ᠡᠷᢉᠦᠵᠦ ᠲᠣᠭᠲᠠᠭᠠᠵᠤ᠂ ᢈᠥᠳᠡᠯᢉᠡᢉᠡᠨ ᠦ᠋ ᠦᠶ᠎ᠡ ᠳ᠋ᠦ ᠲᠡᠩᠴᠡᠪᠦᠷᠢ ᠶ᠋ᠢᠨ ᠡᢉᠦᠷᢉᠡ ᢉᠦᠢᠴᠡᠳᢈᠡᠳᠡᢉ ᠪᠠᠶᠢᠪᠠ᠃ ᠡᠨᠡ ᠦᠵᠡᠰᢈᠦᠯᠡᠩ ᠳ᠋ᠦ ᠳᠡᠯᢉᠡᠨ ᠦᠵᠡᢉᠦᠯᠵᠦ ᠪᠤᠢ ᠲᠠᠷᠪᠣᠵᠠᠪᠷ ᠪᠠᠲᠤ ᠪᠠᠷ ᠤ᠋ᠨ ᠪᠡᠶ᠎ᠡ ᠶ᠋ᠢᠨ ᠤᠷᠲᠤ ᠗᠂᠕ᠮ᠂ ᠥᠨᠳᠦᠷ ᠒᠂᠕ᠮ᠂ ᠗᠕% ᠨᠢ ᠴᠢᠯᠠᠭᠤᠵᠢᠭᠰᠠᠨ ᠣᠯᠳᠠᠪᠤᠷᠢ᠂ ᠦᠯᠡᠳᠡᢉᠰᠡᠨ ᢈᠡᠰᠡᢉ ᠨᠢ ᠬᠠᠭᠤᠯᠪᠤᠷᠢ ᠶᠠᠭᠤᠮ᠎ᠠ᠃


ᠨᠤᠭᠤᠰᠤ ᠬᠣᠰᠢᠭᠤᠲᠤ ᠦᠯᠦᢉ ᢉᠦᠷᠪᠡᠯ – ᠵᠠᠭᠠᠷᠠᠯᠠᠹ ᠰᠢᠨᠵᠢᠯᠡᢈᠦ ᠤᠬᠠᠭᠠᠨ ᠤ᠋ ᠨᠡᠷ᠎ᠡ: Saurolophus sp‍᠂ᠲᠥ‍᠂ ᠨᠡᠷ᠎ᠡ ᠶ᠋ᠢᠨ ᠤᠳᠬ᠎ᠠ: ᠯᠠᠲᠤ᠃ sauros = ᢉᠦᠷᠪᠡᠯ᠂ lophus = ᠱᠣᠪᠬᠤ ᠣᠷᠤᠶᠢᠳ ᠪᠡᠶ᠎ᠡ ᠶ᠋ᠢᠨ ᢈᠡᠮᠵᠢᠶ᠎ᠡ: ᠤᠷᠲᠤ ᠗-᠑᠒ ᠮᠧᠲ᠋ᠷ᠂ ᠵᠢᠩ ᠑᠂᠙-᠒᠂ ᠲᠣᠨᠨ ᠢᠳᠡᠰᠢ ᠲᠡᠵᠢᢉᠡᠯ: ᠡᠪᠡᠰᠦᠨ ᠢᠳᠡᠰᠢᠲᠡᠨ ᠣᠯᠳᠠᠪᠤᠷᠢᠲᠤ ᠭᠠᠵᠠᠷ: ᠮᠣᠩᠭᠣᠯ ᠤᠯᠤᠰ᠂ ᠡᠮᠦᠨᠡᠭᠣᠪᠢ ᠠᠶᠢᠮᠠᠭ᠂ ᠨᠡᠮᠡᢉᠲᠦ ᠶ᠋ᠢᠨ ᠳᠠᠪᠬᠤᠷᠭᠠᠳᠠᠰᠤ ᢉᠧᠣᠯᠤᢉᠢ ᠶ᠋ᠢᠨ ᠴᠠᠭ ᠬᠤᠭᠤᠴᠠᠭ᠎ᠠ: ᠬᠣᠵᠢᠭᠤ ᠴᠡᠷᠡᠳ (᠗᠑-᠖᠕ ᠰᠠᠶ᠎ᠠ ᠵᠢᠯ ᠦ᠋ᠨ ᠡᠮᠦᠨ᠎ᠡ)

ᠠᠩᢉᠢᠯᠠᠯ ᠵᠦᠢ: Ornithopoda Marsh᠂ᠤ‍᠂ ᠹ‍᠂᠂ ᠑᠘᠘᠑ Hadrosauridae Copeᠹ᠂ ᠑᠘᠖᠙ Hadrosaurinae Lambeᠹ᠂ ᠑᠙᠑᠘ Saurolophus Rozhdestvensky᠂ᠥ᠂ ᠑᠙᠕᠒ ᠤᠭ ᠣᠪᠤᠭ ᠲᠤ ᠬᠠᠮᠤᠭ ᠤ᠋ᠨ ᠦᠯᠡᠮᠵᠢ ᠪᠡᠶᠡᠲᠦ ᠰᠢᠪᠠᠭᠤᠨ ᠠᠭᠠᠷᠴᠠᠭ ᠲᠤ ᠡᠪᠡᠰᠦᠨ ᠢᠳᠡᠰᠢᠲᠦ ᠦᠯᠦᢉ ᢉᠦᠷᠪᠡᠯ ᠳ᠋ᠦ ᠬᠠᠮᠢᠶᠠᠷᠤᠭᠤᠯᠳᠠᠭ᠃ ᢈᠡᠪ ᠦ᠋ᠨ ᠪᠠᠶᠢᠳᠠᠯ ᠳ᠋ᠤ ᠬᠣᠶᠢᠳᠤ ᠬᠣᠶᠠᠷ ᢈᠥᠯ ᠢ᠋ᠶᠡᠷ ᠢ᠋ᠶᠡᠨ ᠶᠠᠪᠤᠳᠠᠭ ᠪᠣᠯᠪᠠᠴᠤ᠂ ᠲᠦᢉᠰᠢᢉᠦᠷᠢᠲᠡᠢ ᠨᠥᢈᠦᠴᠡᠯ ᠳ᠋ᠦ ᠳᠥᠷᠪᠡᠨ ᢈᠥᠯ ᠢ᠋ᠶᠡᠷ ᠢ᠋ᠶᠡᠨ ᠶᠠᠪᠤᠵᠤ ᠠᠶᠤᠯ ᠠ᠋ᠴᠠ ᠵᠢᠭᠤᠲᠠᠳᠠᠭ ᠪᠠᠶᠢᠭᠰᠠᠨ ᢈᠡᠮᠡᠨ ᠲᠠᠭᠠᠮᠠᠭᠯᠠᠳᠠᠭ᠃ ᠨᠡᠮᠡᢉᠲᠡ ᠶ᠋ᠢᠨ ᢈᠥᠨᠳᠡᠢ ᠳ᠋ᠦ ᠣᠷᠤᠰᠢᠬᠤ ᠯᠤᠤ ᠶ᠋ᠢᠨ ᠪᠤᠯᠠᠰᠢ ᠨᠡᠷ᠎ᠡ ᠲᠡᠢ ᠣᠯᠳᠠᠪᠤᠷᠢᠲᠤ ᠭᠠᠵᠠᠷ ᠲᠤ ᠵᠠᠪᠷᠤᠯᠠᠹ (Saurolophus) ᠦᠯᠦᢉ ᢉᠦᠷᠪᠡᠯ ᠦ᠋ᠨ ᠣᠯᠳᠠᠪᠤᠷᠢ ᠣᠯᠠᠨ ᠢ᠋ᠶᠠᠷ ᠢ᠋ᠶᠠᠨ ᠣᠯᠳᠠᠳᠠᠭ ᠪᠥᢉᠡᠳ ᠲᠡᠳᠡᠨ ᠦ᠋ ᠵᠠᠷᠢᠮ ᠤ᠋ᠨ ᢈᠢ ᠨᠢ ᠠᠷᠠᠰᠤᠨ ᠤ᠋ ᠳᠠᠷᠤᠳᠠᠰᠤ ᠬᠠᠳᠠᠭᠠᠯᠠᠭᠳᠠᠨ ᠦᠯᠡᠳᠡᢉᠰᠡᠨ ᠪᠠᠶᠢᠳᠠᠭ᠃ ᠵᠠᠪᠷᠣᠯᠠᠹ ᠦᠯᠦᢉ ᢉᠦᠷᠪᠡᠯ ᠦ᠋ᠨ ᠰᠡᢉᠦᠯ ᠨᠢ ᢈᠥᠨᠳᠡᠯᠡᠨ ᠰᠤᠳᠠᠯ ᠲᠠᠢ ᠪᠠᠶᠢᠭᠰᠠᠨ ᠢ᠋ ᢉᠡᠷᠡᠴᠢᠯᠡᢈᠦ ᠠᠷᠠᠰᠤᠨ ᠤ᠋ ᠳᠠᠷᠤᠳᠠᠰᠤ ᠣᠯᠳᠠᠳᠠᠭ᠃

ᠥᠨᠳᠡᢉᠡ ᠬᠤᠯᠠᠭᠠᠶᠢᠯᠠᠭᠴᠢ ᠦᠯᠦᢉ ᢉᠦᠷᠪᠡᠯ – ᠣᠪᠢᠷᠠᠫᠲ᠋ᠤᠷ ᠰᠢᠨᠵᠢᠯᠡᢈᠦ ᠤᠬᠠᠭᠠᠨ ᠤ᠋ ᠨᠡᠷ᠎ᠡ: Oviraptorosauria‍᠂ᠲᠥ‍᠂ ᠨᠡᠷ᠎ᠡ ᠶ᠋ᠢᠨ ᠤᠳᠬ᠎ᠠ: ᠯᠠᠲᠤ᠃ ovi = ᠥᠨᠳᠡᢉᠡ᠂ raptor = ᠬᠤᠯᠠᠭᠠᠶᠢᠯᠠᠭᠴᠢ sauria = ᢉᠦᠷᠪᠡᠯ ᠪᠡᠶ᠎ᠡ ᠶ᠋ᠢᠨ ᢈᠡᠮᠵᠢᠶ᠎ᠡ: ᠤᠷᠲᠤ ᠑᠂᠕-᠒᠂᠕ ᠮᠧᠲ᠋ᠷ ᠢᠳᠡᠰᠢ ᠲᠡᠵᠢᢉᠡᠯ: ᠬᠣᠯᠢᠮᠠᠭ ᠢᠳᠡᠰᠢᠲᠦ ᠣᠯᠳᠠᠪᠤᠷᠢᠲᠤ ᠭᠠᠵᠠᠷ: ᠮᠣᠩᠭᠣᠯ ᠤᠯᠤᠰ᠂ ᠡᠮᠦᠨᠡᠭᠣᠪᠢ ᠠᠶᠢᠮᠠᠭ᠂ ᠵᠣᠳᠤᠬᠤᠲᠤ ᠶ᠋ᠢᠨ ᠳ᠋ᠤᠪᠬᠠᠷᠭᠠᠳᠠᠰᠤ ᢉᠧᠣᠯᠤᢉᠢ ᠶ᠋ᠢᠨ ᠴᠠᠭ ᠬᠤᠭᠤᠴᠠᠭ᠎ᠠ: ᠬᠣᠵᠢᠭᠤ ᠴᠡᠷᠡᠳ (᠘᠔-᠘᠐ ᠰᠠᠶ᠎ᠠ ᠵᠢᠯ ᠦ᠋ᠨ ᠡᠮᠦᠨ᠎ᠡ)

ᠠᠩᢉᠢᠯᠠᠯᠵᠦᠢ: Theropoda Marsh᠂ᠤ‍᠂ ᠹ‍᠂᠂ ᠑᠘᠘᠑ Oviraptorosauria Barsbold᠂ ᠑᠙᠗᠖ ᠑᠙᠒᠓ ᠣᠨ ᠳ᠋ᠤ ᠠᠨᠤ- ᠤ᠋ᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠰᠤᠳᠤᠯᠤᠭᠠᠴᠢ ᠷᠣᠢ ᠴᠧᠫᠮᠧᠨ ᠡᠨᠳ᠋ᠷᠢᠰ ᠢ᠋ᠶᠡᠷ ᠤᠳᠤᠷᠢᠳᠤᠭᠤᠯᠤᠭᠰᠠᠨ ᠲᠥᠪ ᠠᠽᠢ ᠶ᠋ᠢᠨ ᠡᠻᠰᠫᠧᠳᠢᠼ ᠦ᠋ᠨ ᠡᠷᠳᠡᠮᠲᠡᠳ ᠥᠨᠳᠡᢉᠡᠨ ᠳᠡᢉᠡᠷ᠎ᠡ ᠪᠠᠶᠢᠷᠢᠯᠠᠭᠰᠠᠨ ᠪᠠᠶᠢᠳᠠᠯ ᠲᠠᠢ ᠣᠪᠢᠷᠠᠫᠲ᠋ᠣᠷ ᠦᠯᠦᢉ ᢉᠦᠷᠪᠡᠯ ᠦ᠋ᠨ ᢈᠡᠯᢈᠢᠶ᠎ᠡ ᠶᠠᠰᠤ ᠶ᠋ᠢ ᠠᠩᠬ᠎ᠠ ᠣᠯᠵᠤ ᠢᠯᠡᠷᠡᢉᠦᠯᠵᠡᠢ᠃ ᠰᠤᠳᠤᠯᠤᠭᠠᠴᠢᠳ ᠴᠢᠯᠠᠭᠤᠵᠢᠭᠰᠠᠨ ᠥᠨᠳᠡᢉᠡ ᠶ᠋ᠢ ᠨᠢ ᠡᠪᠡᠷᠲᠦ ᠦᠯᠦᢉ ᢉᠦᠷᠪᠡᠯ ᠦ᠋ᠨ ᠥᠨᠳᠡᢉᠡ ᠳ᠋ᠦ ᠬᠠᠮᠤᠷᠤᠭᠤᠯᠤᠭᠰᠠᠨ ᠪᠥᢉᠡᠳ ᠭᠣᠣᠯ ᠰᠢᠯᠲᠠᠭᠠᠨ ᠨᠢ ᠡᠪᠡᠷᠲᠦ ᠦᠯᠦᢉ ᢉᠦᠷᠪᠡᠯ ᠦ᠋ᠨ ᠵᠤᠯᠵᠠᠭᠠᠨ ᠤ᠋ ᢈᠡᠯᢈᠢᠶ᠎ᠡ ᠶᠠᠰᠤᠨ ᠠ᠋ᠴᠠ ᠡᢈᠢᠯᠡᠨ ᠥᠰᠦᠯᠲᠡ ᠶ᠋ᠢᠨ ᠪᠦᢈᠦ ᠦᠶ᠎ᠡ ᠱᠠᠲᠤᠨ ᠤ᠋ ᠣᠯᠳᠠᠪᠤᠷᠢ ᠣᠯᠳᠠᠭᠰᠠᠨ ᠶᠠᠪᠤᠳᠠᠯ ᠶᠤᠮ᠃ ᠗᠐ ᠵᠢᠯ ᠦ᠋ᠨ ᠳᠠᠷᠠᠭ᠎ᠠ ᠣᠪᠢᠷᠠᠫᠲ᠋ᠤᠷ ᠤ᠋ᠨ ᠡᢉᠦᠷ ᠦ᠋ᠨ ᠳᠣᠲᠤᠷ᠎ᠠ ᠪᠠᠨ ᠥᠨᠳᠡᢉᠡ ᠪᠡᠨ ᠳᠠᠷᠤᠭᠰᠠᠨ ᠰᠢᠲ᠋ᠢᠫᠠᠲ᠋ᠢ ᠵᠦᠶᠢᠯ ᠣᠯᠳᠠᠭᠰᠠᠨ ᠪᠥᢉᠡᠳ ᠴᠢᠯᠠᠭᠤᠵᠢᠭᠰᠠᠨ ᠥᠨᠳᠡᢉᠡ ᠨᠢ ᠣᠪᠢᠷᠠᠫᠲ᠋ᠤᠷ ᠤ᠋ᠨ ᠥᠨᠳᠡᢉᠡ ᠪᠣᠯᠬᠤ ᠶ᠋ᠢ ᠪᠠᠲᠤᠯᠠᠭᠰᠠᠨ᠃ ᠡᠶᠢᠨ ᢈᠦ “ᠥᠨᠳᠡᢉᠡ ᠬᠤᠯᠠᠭᠠᠶᠢᠯᠠᠭᠴᠢ” ᠮᠠᠨᠢ ᠳᠠᠷᠤᠢ “ᠡᠨᠡᠷᠢᠩᢉᠦᠢ ᠶᠡᢈᠡ ᠡᠵᠢ” (Big mama) ᠪᠣᠯᠤᠨ ᠬᠤᠪᠢᠷᠠᠭᠰᠠᠨ᠃ ᠬᠤᠶᠠᠭᠲᠤ ᠦᠯᠦᢉ ᢉᠦᠷᠪᠡᠯ – ᠠᠨᠻᠢᠯᠤᠽᠠᠸᠷ ᠰᠢᠨᠵᠢᠯᠡᢈᠦ ᠤᠬᠠᠭᠠᠨ ᠤ᠋ ᠨᠡᠷ᠎ᠡ: Ankylosauridae sp᠂ ᠨᠡᠷ᠎ᠡ ᠶ᠋ᠢᠨ ᠤᠳᠬ᠎ᠠ: ᠯᠠᠲᠤ᠃ ankylo = ᠬᠤᠶᠠᠭ᠂ sauros = ᢉᠦᠷᠪᠡᠯ ᠪᠡᠶ᠎ᠡ ᠶ᠋ᠢᠨ ᢈᠡᠮᠵᠢᠶ᠎ᠡ: ᠤᠷᠲᠤ ᠒᠂᠕-᠘ ᠮᠧᠲ᠋ᠷ᠂ ᢉᠢᠩ ᠕-᠗ᠲ᠋ᠤᠨ ᠢᠳᠡᠰᠢ ᠲᠡᠵᠢᢉᠡᠯ: ᠡᠪᠡᠰᠦᠨ ᠢᠳᠡᠰᠢᠲᠡᠨ ᠣᠯᠳᠠᠪᠤᠷᠢᠲᠤ ᠭᠠᠵᠠᠷ: ᠮᠣᠩᠭᠣᠯ ᠤᠯᠤᠰ᠂ ᠡᠮᠦᠨᠡᠭᠣᠪᠢ ᠠᠶᠢᠮᠠᠭ᠂ ᠵᠣᠳᠤᠬᠤᠲᠤ ᠶ᠋ᠢᠨ ᠳᠠᠪᠬᠤᠷᠭᠠᠳᠠᠰᠤ ᢉᠧᠣᠯᠤᢉᠢ ᠶ᠋ᠢᠨ ᠴᠠᠭ ᠬᠤᠭᠤᠴᠠᠭ᠎ᠠ: ᠬᠣᠵᠢᠭᠤ ᠴᠡᠷᠡᠳ (᠗᠑-᠖᠕ ᠰᠠᠶ᠎ᠠ ᠵᠢᠯ ᠦ᠋ᠨ ᠡᠮᠦᠨ᠎ᠡ)

ᠠᠩᢉᠢᠯᠠᠯᠵᠦᠢ: Thyreophora Nopsca᠂ᠤ‍᠂ ᠹ‍᠂᠂ ᠑᠙᠑᠕ Ankylosauridae Brown᠂ ᠑᠙᠑᠕ ᠠᠨᠻᠢᠯᠣᠽᠠᠸᠷ ᠤ᠋ᠨ ᠲᠣᠯᠤᠭᠠᠢ᠂ᠶᠡᢈᠡ ᠪᠡᠶ᠎ᠡ ᠨᠢ ᠬᠤᠶᠠᠭ ᠢ᠋ᠶᠠᠷ ᠬᠤᠴᠢᠭᠳᠠᠭᠰᠠᠨ᠂ ᢈᠥᠳᠡᠯᢉᠡᢉᠡᠨ ᠦ᠋ ᠬᠤᠪᠢ ᠳ᠋ᠤ ᢈᠡᠳᠦᠢ ᠤᠳᠠᠭᠠᠨ ᠪᠣᠯᢈᠢ ᠪᠠᠶᠢᠭᠰᠠᠨ ᠪᠣᠯᠪᠠᠴᠤ ᠬᠠᠷᠠᠭ᠎ᠠ ᠨᠢ ᠬᠤᠷᠴᠠ᠂ ᠦᠨᠦᠷᠯᠡᢈᠦ ᠡᠷᢈᠡᠲᠡᠨ ᠦ᠋ ᢈᠥᢉᠵᠢᠯ ᠰᠠᠶᠢᠲᠠᠢ᠂ ᠳᠥᠷᠪᠡᠨ ᢈᠥᠯ ᠳᠡᢉᠡᠷ᠎ᠡ ᠪᠡᠨ ᠶᠠᠪᠤᠭᠴᠢ ᠦᠯᠦᢉ ᢉᠦᠷᠪᠡᠯ ᠶᠤᠮ᠃ ᠰᠡᢉᠦᠯ ᠦ᠋ᠨ ᠦᠵᠦᢉᠦᠷ ᢈᠡᠰᠡᢉ ᠦ᠋ᠨ ᠲᠣᠮᠤ ᠶᠠᠰᠤᠨ ᠮᠤᠨᠠᠨ ᠤ᠋ ᠲᠤᠰᠠᠯᠠᠮᠵᠢ ᠲᠠᠢ ᠪᠠᠷ ᠪᠤᠰᠤᠳ ᠮᠢᠬᠠᠨ ᠢᠳᠡᠰᠢᠲᠦ ᠦᠯᠦᢉ ᢉᠦᠷᠪᠡᠯ ᠦ᠋ᠳ ᠢ᠋ ᠣᠶᠢᠷᠠᠯᠴᠠᠭ᠎ᠠ ᠪᠠᠷ ᠑᠓᠙᠐ ᠻᠢᠯᠣᢉᠷᠠᠮᠮ ᠴᠣᢈᠢᠯᠲᠠ ᠶ᠋ᠢᠨ ᢈᠦᠴᠦ ᠪᠡᠷ ᠪᠤᠰᠤᠳ ᠠᠮᠢᠲᠠᠳ ᠢ᠋ ᠴᠣᢈᠢᠵᠤ ᠪᠡᠶ᠎ᠡ ᠪᠡᠨ ᠬᠠᠮᠠᠭᠠᠯᠠᠳᠠᠭ ᠪᠠᠶᠢᠭᠰᠠᠨ᠃

ᠬᠠᠨ ᢈᠥᢉᠰᠢᠨ ᠰᠣᠯᠢᠷ:

ᠲᠤᠰᠠ ᠰᠣᠯᠢᠷ ᠢ᠋ ᠑᠙᠕᠗ ᠣᠨ ᠤ᠋ ᠙ – ᠷ ᠰᠠᠷ᠎ᠠ ᠳ᠋ᠤ ᠣ‍᠂ ᠨᠠᠮᠨᠠᠩᠳᠣᠷᠵᠢ ᠥᠪᠦᠷᠬᠠᠩᠭᠠᠢ ᠠᠶᠢᠮᠠᠭ ᠤ᠋ᠨ ᠨᠠᠷᠢᠨ ᠲᠡᢉᠡᠯ ᠰᠤᠮᠤ ᠶ᠋ᠢᠨ ᠨᠤᠲᠤᠭ ᠲᠤ ᠲᠡᢉᠡᢉᠡᠯ ᠦ᠋ᠨ ᠭᠣᠣᠯ ᠤ᠋ᠨ ᠪᠠᠷᠠᠭᠤᠨ ᠬᠠᠵᠠᠭᠤᠳᠠ ᠣᠷᠤᠰᠢᠬᠤ ᠬᠤᠪᠢᠯᠠᠢ ᠰᠡᠴᠡᠨ ᠬᠠᠭᠠᠨ ᠤ᠋ ᠴᠡᠷᠢᢉ ᠦ᠋ᠨ ᠬᠣᠲᠠ ᢉᠡᠳᠡᢉ ᢈᠡᠮᠡᢈᠦ ᠲᠡᠦᢈᠡ ᠶ᠋ᠢᠨ ᠳᠤᠷᠠᠰᠬᠠᠯᠲᠤ ᠭᠠᠵᠠᠷ ᠤ᠋ᠨ ᠡᠪᠳᠡᠷᢈᠡᠢ ᠪᠠᠯᠭᠠᠭᠰᠠᠨ ᠠ᠋ᠴᠠ ᠠᠩᠬ᠎ᠠ ᠣᠯᠤᠭᠰᠠᠨ᠃ ᠠᠩᠬ᠎ᠠ ᠣᠯᠬᠤ ᠳ᠋ᠤ ᠬᠠᠷ᠎ᠠ ᠥᠩᢉᠡ ᠲᠡᠢ᠂ ᠲᠡᠮᠦᠷ ᠦ᠋ᠨ ᢈᠦᠳᠡᠷ ᠮᠡᠲᠦ ᠲᠣᠮᠤ ᢈᠡᠰᠡᢉ ᠨᠢ ᠤᠷᠲᠤ ᠙ – ᠑᠐ ᠰᠮ᠂ ᠥᠨᠳᠦᠷ ᠨᠢ ᠔ ᠰᠤᠮ᠂ ᠵᠢᠩ ᠕᠔᠐ ᢉᠷ᠂ ᠵᠢᠵᠢᢉ ᢈᠡᠰᠡᢉ ᠦ᠋ᠨ ᠤᠷᠲᠤ ᠕ ᠰᠮ᠂ ᠥᠷᢉᠡᠨ ᠓ ᠰᠮ᠂ ᠥᠨᠳᠦᠷ ᠒ ᠰᠮ᠂ ᠵᠢᠩ ᠘᠐ ᢉᠷ ᠨᠡᠶᠢᠲᠡ ᠖᠒᠐ ᢉᠷᠢ ᠣᠯᠳᠠᠵᠤ ᠪᠠᠶᠢᠭᠰᠠᠨ᠃ ᢉᠧᠣᠯᠣᢉᠢ ᠬᠠᠶᠢᠭᠤᠯ ᠤ᠋ᠨ ᠵᠠᢈᠢᠷᠭᠠᠨ ᠤ᠋ ᠭᠠᠵᠠᠷ ᠤ᠋ᠨ ᠬᠠᠷᠢᠶ᠎ᠠ ᢈᠢᠮᠢ ᠶ᠋ᠢᠨ ᠯᠠᠪᠣᠷᠠᠲ᠋ᠣᠷᠢ ᠶ᠋ᠢᠨ ᠰᠢᠨᠵᠢᠯᠡᢉᠡᠨ ᠦ᠋ ᠬᠠᠷᠢᠭᠤ ᠪᠠᠷ ᠮᠥᠨ ᠰᠣᠷᠢᠨᠵᠢᠨ ᠰᠢᠨᠵᠢ ᠴᠢᠨᠠᠷᠲᠠᠢ ᠪᠠᠶᠢᠭᠰᠠᠨ ᠨᠢ ᠲᠡᠮᠦᠷ ᠰᠣᠯᠢᠷ ᠪᠣᠯᠬᠤ ᠨᠢ ᠲᠣᠭᠲᠠᠭᠠᠭᠳᠠᠭᠰᠠᠨ᠃ ᠥᠪᠦᠷᠬᠠᠩᠭᠠᠢ ᠠᠶᠢᠮᠠᠭ ᠤ᠋ᠨ ᠲᠡᢉᠡᢉᠡᠯ ᠦ᠋ᠨ ᠭᠣᠣᠯ ᠣᠷᠴᠢᠮ ᠤ᠋ᠨ ᠬᠠᠨ-ᢈᠥᢉᠰᠢᠨ ᠠᠭᠤᠯᠠᠨ ᠤ᠋ ᠨᠡᠷ᠎ᠡ ᠪᠡᠷ ᠨᠡᠷᠡᠯᠡᢉᠰᠡᠨ᠃ ᢈᠡᠮᠵᠢᠶ᠎ᠡ ᠤᠷᠲᠤ: ᠗᠂᠖ ᠰᠮᠤ᠂ ᠥᠷᢉᠡᠨ: ᠖᠂᠖ ᠰᠮ᠂ ᠥᠨᠳᠦᠷ: ᠕᠂᠖ ᠰᠮ᠂ ᠵᠢᠩ: ᠕᠐᠖᠂᠗ ᢉᠷ᠃ ᠮᠠᠩᠯᠠᠢ ᠰᠣᠯᠢᠷ:

ᠡᠨᠡ ᢈᠦ ᠰᠣᠯᠢᠷ ᠢ᠋ ᠣ‍᠂ ᠨᠠᠮᠨᠠᠩᠳᠣᠷᠵᠢ ᢉᠡᠳᠡᢉ ᢈᠦᠮᠦᠨ ᠑᠙᠕᠒᠂ ᠑᠙᠕᠓ ᠣᠨ ᠨᠤᠭᠤᠳ ᠲᠤ ᠡᠮᠦᠨᠡᠭᠣᠪᠢ ᠠᠶᠢᠮᠠᠭ ᠤ᠋ᠨ ᠮᠠᠩᠯᠠᠢ ᠰᠤᠮᠤ ᠶ᠋ᠢᠨ ᠨᠤᠲᠤᠭ ᠲᠤ ᠰᠤᠮᠤ ᠶ᠋ᠢᠨ ᠲᠥᠪ ᠡᠴᠡ ᠤᠷᠤᠭᠰᠢ ᠙᠐ ᠻᠮ ᠣᠷᠴᠢᠮ ᠭᠤᠷᠪᠠᠨ ᠬᠠᠷᠠᠭᠠᠲᠤ ᠶ᠋ᠢᠨ ᠮᠣᠯᠤᠭᠤ-ᠳᠡᠷᠡᠰᠦᠨ᠎ᠡ ᠤᠰᠤ ᢉᠡᠳᠡᢉ ᠭᠠᠵᠠᠷ ᠪᠠᠶᠢᠭ᠎ᠠ ᠶ᠋ᠢ ᠨᠢ ᠨᠤᠲᠤᠭ ᠤ᠋ᠨ ᠢᠷᢉᠡᠳ ᠡᠴᠡ ᠰᠤᠷᠪᠤᠯᠵᠢᠯᠠᠨ ᠪᠠᠶᠢᠷᠢᠰᠢᠯ ᠢ᠋ ᠲᠣᠳᠤᠷᠬᠠᠶᠢᠯᠠᠭᠰᠠᠨ ᠪᠠᠶᠢᠭᠰᠠᠨ ᠪᠠ ᠑᠙᠕᠕ ᠣᠨ ᠤ᠋ ᠑-ᠷ ᠰᠠᠷ᠎ᠠ ᠳ᠋ᠤ ᢉᠧᠣᠯᠣᢉᠢ ᠬᠠᠶᠢᠭᠤᠯ ᠤ᠋ᠨ ᢈᠦᠮᠦᠰ ᠢ᠋ ᠣᠯᠵᠤ ᠠᠪᠤᠨ ᠳᠡᢉᠡᠵᠢ ᠶ᠋ᠢᠨ ᠦᠵᠡᠮᠦᠷᠢ ᠪᠣᠯᠭᠠᠵᠤ ᠪᠠᠶᠢᠭᠰᠠᠨ ᠢ᠋ ᠑᠙᠕᠕ ᠣᠨ ᠤ᠋ ᠕-ᠷ ᠰᠠᠷ᠎ᠠ ᠳ᠋ᠤ ᠰᠢᠨᠵᠢᠯᠡᢈᠦ ᠤᠬᠠᠭᠠᠨ ᠤ᠋ ᢈᠦᠷᠢᠶᠡᠯᠡᠩ ᠠᠪᠴᠤ ᠲᠥᠪ ᠮᠦᠽᠧᠢ ᠶ᠋ᠢᠨ ᠦᠵᠡᠮᠦᠷᠢ ᠳ᠋ᠦ ᠲᠠᠯᠪᠢᠭᠰᠠᠨ ᠪᠥᢉᠡᠳ ᠣᠯᠳᠠᠭᠰᠠᠨ ᠰᠤᠮᠤ᠂ ᠣᠶᠢᠷ᠎ᠠ ᠣᠷᠤᠰᠢᠬᠤ ᠠᠭᠤᠯᠠ ᠪᠠᠷ ᠨᠢ ᠮᠠᠩᠯᠠᠢ ᠰᠣᠯᠢᠷ ᢉᠡᠵᠦ ᠨᠡᠷᠡᠯᠡᢉᠰᠡᠨ ᠶᠤᠮ᠃ ᠮᠠᠩᠯᠠᠢ ᠰᠣᠯᠢᠷ ᠤ᠋ᠨ ᢈᠢᠮᠢ ᠶ᠋ᠢᠨ ᠨᠠᠶᠢᠷᠠᠯᠭ᠎ᠠ ᠳ᠋ᠤ ᠲᠡᠮᠦᠷ᠂ ᠨᠢᠻᠧᠯ ᠦ᠋ᠨ ᠠᠭᠤᠯᠭ᠎ᠠ ᠥᠨᠳᠦᠷ ᠪᠠᠶᠢᠭᠰᠠᠨ ᠮᠥᠨ ᢈᠦᠴᠦ ᠲᠡᠢ ᠰᠣᠷᠢᠨᠵᠢᠨ ᠰᠢᠨᠵᠢ ᠴᠢᠨᠠᠷᠲᠠᠢ᠂ ᠲᠷᠣᠯᠢᠲ ᢈᠡᠮᠡᢈᠦ ᢈᠦᢈᠦᠷ ᠲᠦ ᠲᠡᠮᠦᠷᠯᠢᢉ ᠡᠷᠦᠳᠡᠰᠦ ᠶᠡᢈᠡ ᠪᠠᠶᠢᠭᠰᠠᠨ ᠤ᠋ ᠦᠨᠳᠦᠰᠦᠨ ᠳᠡᢉᠡᠷ᠎ᠡ ᠲᠡᠮᠦᠷ ᠰᠣᠯᠢᠷ ᠪᠣᠯᠬᠤ ᠶ᠋ᠢ ᠨᠢ ᠲᠣᠭᠲᠠᠭᠠᠭᠰᠠᠨ᠃ ᠮᠠᠩᠯᠠᠢ ᠰᠣᠯᠢᠷ ᠨᠢ ᠷᠧᢉᠮᠠᢉᠯᠢᠫᠲ (ᠭᠠᠳᠠᠷᠭᠤ ᠳ᠋ᠤ ᠬᠠᠯᠠᠭᠤᠨ ᢈᠡᠢ ᠶ᠋ᠢᠨ ᠨᠥᠯᠦᢉᠡ ᠪᠡᠷ ᠡᢉᠦᠰᠦᢉᠰᠡᠨ ᠬᠣᠩᠬᠤᠷᠴᠠᠭ ᠨᠦᢈᠡ) ᠲᠧᠻᠰᠲ᠋ᠦᠷ ᠲᠠᠢ᠂ ᢈᠡᠮᠵᠢᠶ᠎ᠡ ᠨᠢ: ᠤᠷᠲᠤ: ᠙᠐ ᠰᠮᠤ᠂ ᠥᠷᢉᠡᠨ: ᠓᠕ ᠰᠮ᠂ ᠥᠨᠳᠦᠷ: ᠒᠖ ᠰᠮ᠂ ᠵᠢᠩ: ᠑᠖᠖᠂᠘ ᠻᢉ ᠶᠤᠮ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ