ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ ᠨᠢ ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠯᠪᠡᠷᠢ ᠪᠡᠷ ᠶᠧᠪᠰ᠂ ᠰᠥᠪ᠂ ᠢᠳᠡᠰ-ᠡᠶᠢᠨ ᢈᠢᠴᠢᠶᠡᠯ ᠦ᠋ᠨ ᠠᠭᠤᠯᠭᠠ ᠳ᠋ᠤ ᠨᠡᠶᠢᠴᠡᢉᠦᠯᠦᠨ ᠮᠦᠽᠧᠢ ᠶ᠋ᠢᠨ ᠦᠵᠡᠮᠦᠷᠢ ᠳ᠋ᠦ ᠲᠦᠰᠢᢉᠯᠡᠨ ᠮᠣᠩᠭᠣᠯ ᠣᠷᠤᠨ ᠤ᠋ ᠵᠡᠷᠯᠢᢉ ᠠᠩ ᠠᠮᠢᠲᠠᠨ᠂ ᠤᠷᠭᠤᠮᠠᠯ᠂ ᠡᠷᠲᠡᠨ ᠦ᠋ ᠠᠮᠢᠲᠠᠳ ᠤ᠋ᠨ ᠬᠣᠪᠤᠷ ᠣᠯᠳᠠᠪᠤᠷᠢ ᠨᠤᠭᠤᠳ ᠤ᠋ᠨ ᠲᠠᠯᠠᠭᠠᠷᢈᠢ ᠰᠢᠨᠵᠢᠯᠡᢈᠦ ᠤᠬᠠᠭᠠᠨᠴᠢ ᠲᠠᠨᠢᠨ ᠮᠡᠳᠡᢈᠦᠢ ᠶ᠋ᠢᠨ ᠮᠡᠳᠡᠯᢉᠡ ᠣᠯᠭᠤᠬᠤ ᠠ᠋ᠴᠠ ᠭᠠᠳᠠᠨᠠ ᠮᠣᠩᠭᠣᠯ ᠤ᠋ᠨ ᠰᠣᠶᠤᠯ ᠤ᠋ᠨ ᠥᠪ ᠦ᠋ᠨ ᠰᠢᠨᠵᠢᠯᠡᢈᠦ ᠤᠬᠠᠭᠠᠨ᠂ ᠰᠣᠶᠤᠯ ᠤ᠋ᠨ ᠪᠡᠶᠡᠲᠦ ᠪᠤᠰᠤ ᠥᠪ᠂ ᠰᠣᠶᠤᠯ ᠤ᠋ᠨ ᠰᠠᠯᠪᠤᠷᠢ ᠳ᠋ᠠᢈᠢ ᢈᠡᠦᢈᠡᠳ ᠬᠠᠮᠠᠭᠠᠯᠠᠯ᠂ ᠪᠦᢈᠦ ᠨᠡᠶᠢᠲᠡ ᠶ᠋ᠢᠨ ᠰᠣᠶᠤᠯ ᠤ᠋ᠨ ᠪᠣᠯᠪᠠᠰᠤᠷᠠᠯ ᠣᠯᠭᠤᠬᠤ ᠰᠣᠶᠤᠨ ᢉᠡᢉᠡᠷᠡᢉᠦᠯᢈᠦ ᠳ᠋ᠦ ᠴᠢᢉᠯᠡᢉᠰᠡᠨ ᠪᠠᠶᠢᠳᠠᠭ ᠢ᠋ᠶᠠᠷ ᠢ᠋ᠶᠠᠨ ᠣᠨᠴᠠᠯᠢᠭ ᠶᠤᠮ᠃ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠨᠢ ᠪᠠᠶᠢᠭᠠᠯᠢ᠂ ᠰᠣᠶᠤᠯ᠂ ᠰᠣᠶᠤᠯ ᠤ᠋ᠨ ᠪᠡᠶᠡᠲᠦ ᠪᠤᠰᠤ ᠥᠪ ᠦ᠋ᠨ ᠲᠤᠬᠠᠢ ᠮᠡᠳᠡᠯᢉᠡ ᠣᠯᠭᠤᠬᠤ ᠑᠑ ᢈᠥᠲᠦᠯᠪᠦᠷᠢ ᠲᠡᠢ ᠡᠴᠡ ᠡᠨᠡ ᠤᠳᠠᠭᠠ ᠳᠣᠣᠷᠠᢈᠢ ᢈᠥᠲᠦᠯᠪᠦᠷᠢ ᠨᠦ᠋ᢉᠦᠳ ᠢ᠋ ᠲᠠᠨᠢᠯᠴᠠᠭᠤᠯᠵᠤ ᠪᠠᠶᠢᠨᠠ᠃ “ᠠᠮᠢᠲᠠᠳ ᠤ᠋ᠨ ᠮᠥᠷ”
ᠠᠭᠤᠯᠭᠠ: ᠮᠣᠩᠭᠣᠯ ᠣᠷᠤᠨ ᠤ᠋ ᠵᠡᠷᠯᠢᢉ ᠠᠩ ᠠᠮᠢᠲᠠᠳ ᠤ᠋ᠨ ᠠᠮᠢᠳᠤᠷᠠᠬᠤ ᠣᠷᠴᠢᠨ᠂ ᠠᠮᠢᠳᠤᠷᠠᠯ ᠤ᠋ᠨ ᠣᠨᠴᠠᠯᠢᠭ ᠪᠣᠯᠤᠨ ᠠᠮᠢᠲᠠᠳ ᠤ᠋ᠨ ᠪᠠᠶᠢᠭᠠᠯᠢ ᠳᠡᢉᠡᠷᠡ ᠦᠯᠡᠳᠡᢉᠡᠳᠡᢉ ᠤᠯᠠ ᠮᠥᠷ ᠢ᠋ ᠲᠠᠨᠢᠵᠤ ᠮᠡᠳᠡᢈᠦ ᠨᠢ ᠠᠩᢉᠢ ᠶ᠋ᠢᠨ ᠮᠥᠷ ᠢ᠋ᠶᠡᠷ ᠰᠢᠨᠵᠢᢈᠦ ᠰᠣᠶᠤᠯ ᠤ᠋ᠨ ᠪᠡᠶᠡᠲᠦ ᠪᠤᠰᠤ ᠥᠪ ᠲᠡᠢ ᠲᠠᠨᠢᠯᠴᠠᠬᠤ ᠨᠢᢉᠡᠨ ᠲᠦᠯᢈᠢᢉᠦᠷ ᠪᠣᠯᠵᠤ ᠥᢉᠳᠡᢉ᠃ ᠠᠩᢉᠢᠯᠠᠯ: ᠰᠡᠪᠡ- ᠤ᠋ᠨ ᠠᠬᠠᠯᠠᠬᠤ᠂ ᠪᠡᠯᠡᠳᢈᠡᠯ ᠪᠦᠯᠦᢉ ᢈᠡᠯᠪᠡᠷᠢ: ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᠓ᠳᠠ ᠪᠠᠷᠢᠮᠠᠯ ᠤ᠋ᠨ ᠰᠢᠪᠠᠷ ᠒᠃ “ᠪᠢᠴᠢᠬᠠᠨ ᠫᠠᠯᠧᠨ᠋ᠲ᠋ᠣᠯᠣᢉᠢᠴᠢ”
ᠠᠭᠤᠯᠭᠠ: ᠫᠠᠯᠧᠨ᠋ᠲ᠋ᠣᠯᠣᢉᠢ ᠶ᠋ᠢᠨ ᠰᠢᠨᠵᠢᠯᠡᢈᠦ ᠤᠬᠠᠭᠠᠨ ᠲᠡᠷᠡ ᠳᠤᠮᠳᠠ ᠪᠠᠨ ᠫᠠᠯᠧᠨ᠋ᠲ᠋ᠣᠯᠣᢉᠢᠴᠢ ᠶ᠋ᠢᠨ ᠲᠤᠬᠠᠢ ᠣᠶᠢᠯᠠᠭᠠᠯᠲᠠ ᠥᢉᠴᠦ ᠮᠣᠩᠭᠣᠯ ᠣᠷᠤᠨ ᠤ᠋ ᠨᠤᠲᠤᠭ ᠳᠡᠪᠢᠰᢈᠡᠷ ᠳᠡᢉᠡᠷᠡ ᠒᠕᠒ ᠰᠠᠶ᠋ᠢ ᠵᠢᠯ ᠦ᠋ᠨ ᠡᠮᠦᠨᠡ ᠠᠮᠢᠳᠤᠷᠠᠵᠤ ᠪᠠᠶᠢᠭᠰᠠᠨ ᠠᠪᠤᠷᠭᠤ ᠪᠡᠶᠡᠲᠦ ᠦᠯᠦᢉ ᢉᠦᠷᠪᠡᠯ ᠦ᠋ᠳ ᠦ᠋ᠨ ᠠᠩᢉᠢᠯᠠᠯ᠂ ᠲᠡᠳᠡᢉᠡᠷ ᠦ᠋ᠨ ᠣᠯᠳᠠᠪᠤᠷᠢᠲᠤ ᠲᠦᠰᠢᢉᠯᠡᢉᠰᠡᠨ ᠰᠣᠨᠢᠷᠬᠠᠯᠲᠠᠢ ᠮᠡᠳᠡᢉᠡᠯᠡᠯ ᠣᠯᠭᠠᠬᠤ ᢈᠥᠲᠦᠯᠪᠦᠷᠢ᠃ ᠠᠩᢉᠢᠯᠠᠯ: ᠰᠡᠪᠡ- ᠤ᠋ᠨ ᠠᠬᠠᠯᠠᠬᠤ᠂ ᠪᠡᠯᠡᠳᢈᠡᠯ ᠪᠦᠯᠦᢉ᠂ ᠶᠧᠪᠰ-ᠡᠶᠢᠨ ᠑-᠖ ᠳ᠋ᠤᠭᠠᠷ ᠠᠩᢉᠢ ᢈᠡᠯᠪᠡᠷᠢ: ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᠦᠯᠢᢉᠡᠷᠴᠢᠯᠡᢉᠰᠡᠨ ᠵᠠᠭᠪᠤᠷ
᠓᠃ “ᠪᠢᠴᠢᠬᠠᠨ ᠪᠠᠶᠢᠭᠠᠯᠢ ᠬᠠᠮᠠᠭᠠᠯᠠᠭᠴᠢ”
ᠠᠭᠤᠯᠭᠠ: ᠳᠡᠯᠡᢈᠡᠢ ᠶ᠋ᠢᠨ ᠵᠡᠷᠯᠢᢉ ᠠᠩ ᠠᠮᠢᠲᠠᠨ᠂ ᠤᠷᠭᠤᠮᠠᠯ ᠬᠠᠮᠠᠭᠠᠯᠠᠬᠤ ᠣᠯᠠᠨ ᠤᠯᠤᠰ ᠤ᠋ᠨ ᠡᠳᠦᠷ ᠲᠦ ᠵᠣᠷᠢᠭᠤᠯᠤᠨ ᢈᠡᠷᠡᢉᠵᠢᢉᠦᠯᠵᠦ ᠡᢈᠢᠯᠡᢉᠰᠡᠨ ᠡᠨᠡ ᢈᠦ ᢈᠥᠲᠦᠯᠪᠦᠷᠢ ᠨᠢ ᠮᠣᠩᠭᠣᠯ ᠣᠷᠤᠨ ᠤ᠋ ᠬᠣᠪᠤᠷ᠂ ᠨᠡᠩ ᠬᠣᠪᠤᠷ᠂ ᠤᠰᠠᠳᠬᠤ᠂ ᠤᠰᠠᠳᠴᠤ ᠪᠤᠢ ᠠᠩᢉᠢᠯᠠᠯ ᠳ᠋ᠤ ᠣᠷᠤᠭᠰᠠᠨ ᠠᠮᠢᠲᠠᠳ ᠢ᠋ ᠬᠠᠶᠢᠷᠠᠯᠠᠨ ᠬᠠᠮᠠᠭᠠᠯᠠᠬᠤ᠂ᠮᠥᠨ ᠲᠡᢉᠦᠨᠴᠢᠯᠡᠨ ᠪᠠᠶᠢᠭᠠᠯᠢ ᠡᢈᠡ ᠳᠡᠯᠡᢈᠡᠢ ᠪᠡᠨ ᠬᠠᠮᠠᠭᠠᠯᠠᠬᠤ ᠶ᠋ᠢᠨ ᠠᠴᠢ ᠬᠣᠯᠪᠤᠭᠳᠠᠯ᠂ ᠬᠣᠭ ᠬᠠᠶᠠᠭᠳᠠᠯ ᠢ᠋ ᠢᠯᠡ ᠵᠠᠳᠠᠭᠠᠢ ᠬᠠᠶᠠᠬᠤ ᠬᠣᠣᠷ ᠤᠷᠰᠢᠭ ᠤ᠋ᠨ ᠲᠠᠯᠠᠭᠠᠷ ᠲᠠᠨᠢᠭᠤᠯᠬᠤ᠂ ᠪᠠᠶᠢᠭᠠᠯᠢ ᠳ᠋ᠤ ᠡᢉᠡᠯᠢ ᠲᠡᠢ ᠢᠷᢉᠡᠨ ᠢ᠋ ᢈᠦᠮᠦᠵᠢᢉᠦᠯᢈᠦ ᠵᠡᠷᢉᠡ ᠠᠴᠢ ᠬᠣᠯᠪᠤᠭᠳᠠᠯ ᠲᠠᠢ ᢈᠥᠲᠦᠯᠪᠦᠷᠢ᠃ ᠲᠤᠬᠠᠢ ᠶ᠋ᠢᠨ ᢈᠥᠲᠦᠯᠪᠦᠷᠢ ᠶ᠋ᠢ ᢈᠦᠷᠲᠡᢉᠡᠮᠵᠢ ᠲᠡᠢ ᠪᠠᠶᠢᠯᠭᠠᠵᠤ᠂ ᠣᠷᠤᠯᠴᠠᠭᠠ ᠶ᠋ᠢ ᠢᠳᠡᠪᢈᠢᠵᠢᢉᠦᠯᢈᠦ ᠵᠣᠷᠢᠯᠭᠠ ᠪᠠᠷ ᠵᠢᠯ ᠪᠦᠷᠢ ᠔-᠑᠘ ᠨᠠᠰᠤᠨ ᠤ᠋ ᢈᠡᠦᢈᠡᠳ ᠦ᠋ᠳ ᠦ᠋ᠨ ᠳᠤᠮᠳᠠ ᠪᠠᠶᠢᠭᠠᠯᠢ ᠬᠠᠮᠠᠭᠠᠯᠠᠯ ᠤ᠋ᠨ ᠰᠡᠳᠦᠪᠲᠦ ᠭᠠᠷ ᠵᠢᠷᠤᠭ ᠤ᠋ᠨ ᠤᠷᠤᠯᠳᠤᠭᠠᠨ ᠢ᠋ ᠵᠣᢈᠢᠶᠠᠨ ᠶᠠᠪᠤᠭᠤᠯᠵᠤ ᠪᠠᠶᠢᠨᠠ᠃ ᠠᠩᢉᠢᠯᠠᠯ: ᠰᠡᠪᠡ- ᠤ᠋ᠨ ᠠᠬᠠᠯᠠᠬᠤ᠂ ᠪᠡᠯᠡᠳᢈᠡᠯ ᠪᠦᠯᠦᢉ᠂ ᠶᠧᠪᠰ-ᠡᠶᠢᠨ ᠑-᠑᠒ ᠳ᠋ᠤᠭᠠᠷ ᠠᠩᢉᠢ ᢈᠡᠯᠪᠡᠷᠢ: ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᠦᠯᠢᢉᠡᠷᠴᠢᠯᠡᢉᠰᠡᠨ ᠵᠠᠭᠪᠤᠷ ᠔᠃ “ᠮᠦᠽᠧᠢ ᠳ᠋ᠦ ᠥᠩᢉᠡᠷᠡᢉᠦᠯᠦᢉᠰᠡᠨ ᠨᠢᢉᠡ ᠡᠳᠦᠷ”
ᠪᠣᠯᠪᠠᠰᠤᠷᠠᠯ ᠤ᠋ᠨ ᢈᠥᠲᠦᠯᠪᠦᠷᠢ ᠪᠣᠯᠤᠨ ᢈᠥᠲᠦᠯᠪᠦᠷᠢ ᠳ᠋ᠦ ᠠᠷᠭᠠ ᢈᠡᠮᠵᠢᠶᠡ ᠠᠭᠤᠯᠭᠠ: ᠪᠠᠶᠢᠭᠠᠯᠢ ᠶ᠋ᠢᠨ ᠲᠡᠦᢈᠡ ᠶ᠋ᠢᠨ ᠮᠦᠽᠧᠢ ᠳ᠋ᠦ ᠠᠵᠢᠯᠯᠠᠭᠰᠠᠳ ᠤ᠋ᠨ ᠮᠡᠷᢉᠡᠵᠢᠯ᠂ ᠢᢈᠦᠨ ᠠᠵᠢᠯᠯᠠᠭᠠᠨ ᠤ᠋ ᠣᠨᠴᠠᠯᠢᠭ ᠢ᠋ ᠣᠯᠠᠨ ᠨᠡᠶᠢᠲᠡ ᠳ᠋ᠦ ᢈᠦᠷᢈᠡᢈᠦ᠂ ᠰᠤᠷᠲᠠᠯᠴᠢᠯᠠᠬᠤ᠂ ᠶᠧᠪᠰ-ᠡᠶᠢᠨ ᠠᠬᠠᠯᠠᠬᠤ ᠠᠩᢉᠢ ᠶ᠋ᠢᠨ ᠰᠤᠷᠤᠭᠴᠢᠳ ᠲᠤ ᠢᠷᠡᢉᠡᠳᠦᠢ ᠶ᠋ᠢᠨ ᠮᠡᠷᢉᠡᠵᠢᠯ ᠢ᠋ᠶᠡᠨ ᠰᠣᠩᠭᠤᠬᠤ᠂ ᠵᠠᠯᠭᠠᠮᠵᠢ ᠬᠠᠯᠠᠭᠠ ᠪᠠᠨ ᠪᠡᠯᠡᠳᢈᠡᢈᠦ ᠵᠣᠷᠢᠯᠭᠠ ᠲᠠᠢ ᢈᠡᠷᠡᢉᠵᠢᢉᠦᠯᠳᠡᢉ᠃ ᠮᠥᠨ ᠬᠠᠮᠲᠤ ᠶ᠋ᠢᠨ ᠠᠵᠢᠯᠯᠠᠭᠠ ᠲᠠᠢ ᠪᠠᠶᠢᠭᠤᠯᠤᠯᠭᠠ ᠨᠤᠭᠤᠳ ᢉᠡᠷ ᠪᠦᠯᠢ ᠪᠡᠷ ᠢ᠋ᠶᠡᠨ ᠨᠢᢉᠡᠨ ᠡᠳᠦᠷ ᠢ᠋ ᠮᠦᠽᠧᠢ ᠳ᠋ᠦ ᢈᠥᢉᠵᠢᠯᠲᠡᠢ ᠥᠩᢉᠡᠷᠡᢉᠦᠯᢈᠦ ᠰᠡᠳᠦᠪᠴᠢᠯᠡᢉᠰᠡᠨ ᠠᠶᠠᠯᠠᠯ ᠳ᠋ᠤ ᠬᠠᠮᠤᠷᠤᠭᠳᠠᠳᠠᠭ ᠪᠠ ᠪᠣᠯᠪᠠᠰᠤᠷᠠᠯ ᠤ᠋ᠨ ᢈᠥᠲᠦᠯᠪᠦᠷᠢ ᠶ᠋ᠢᠨ ᠒-᠓ ᠥᠷᠲᠡᢉᠡ ᠪᠡᠷ ᠵᠣᠴᠢᠯᠠᠵᠤ ᠲᠠᠨᠢᠨ ᠮᠡᠳᠡᢈᠦᠢ ᠶ᠋ᠢᠨ ᠮᠡᠳᠡᠯᢉᠡ᠂ ᠮᠡᠳᠡᢉᠡᠯᠡᠯ ᠲᠡᠢ ᠪᠣᠯᠵᠤ ᢉᠡᠷ ᠪᠦᠯᠢ ᠪᠡᠷ ᠢ᠋ᠶᠡᠨ ᠬᠠᠮᠲᠤ ᠳ᠋ᠤ ᠪᠠᠨ ᠴᠠᠭ ᠢ᠋ ᠦᠷᠡ ᠪᠦᠲᠦᢉᠡᠯᠲᠡᠢ ᠥᠩᢉᠡᠷᠡᢉᠦᠯᢈᠦ ᠪᠣᠯᠤᠮᠵᠢ ᠶ᠋ᠢ ᠣᠯᠭᠠᠳᠠᠭ ᠶᠤᠮ᠃ ᠠᠩᢉᠢᠯᠠᠯ: ᠶᠡᠪᠰ-ᠡᠶᠢᠨ ᠑᠑᠂ ᠑᠒ ᠳ᠋ᠤᠭᠠᠷ ᠠᠩᢉᠢ᠂ ᠪᠦᢈᠦ ᠨᠠᠰᠤᠨ ᠤ᠋ ᢈᠢᠨ ᢈᠡᠯᠪᠡᠷᠢ: ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᢈᠥᠲᠦᠯᠪᠦᠷᠢ ᠶ᠋ᠢᠨ ᠪᠡᠯᠡᠳᢈᠡᢉᠳᠡᢉᠰᠡᠨ ᢈᠡᠷᠡᢉᠯᠡᢉᠳᠡᢈᠦᠨ ᠨᠦ᠋ᢉᠦᠳ