ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠢᠯ ᠦ᠋ᠨ ᠲᠠᠯᠠ ᠪᠠᠷ ᠰᠣᠶᠤᠯ ᠤ᠋ᠨ ᠪᠡᠶᠡᠲᠦ ᠥᠪ ᢉᠡᠵᠦ ᠶᠠᠭᠤ ᠪᠤᠢ? “ᠰᠣᠶᠤᠯ ᠤ᠋ᠨ ᠪᠡᠶᠡᠲᠦ ᠥᠪ” ᢉᠡᠵᠦ ᠲᠡᠦᢈᠡᠨ ᠲᠣᠳᠤᠷᠬᠠᠢ ᠣᠷᠤᠨ ᠵᠠᠢ᠂ ᠴᠠᠭ ᠦᠶᠡ ᠶ᠋ᠢ ᠲᠥᠯᠦᢉᠡᠯᠡᢈᠦ ᠪᠡᠶᠡᠲᠦ ᠪᠡᠷ ᠣᠷᠤᠰᠢᠨ ᠪᠠᠶᠢᠭᠠ ᠳᠤᠷᠠᠰᠬᠠᠯ ᠢ᠋ ᢈᠡᠯᠡᠨᠡ᠃ ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠢᠯ ᢉᠡᠵᠦ ᠶᠠᠭᠤ ᠶ᠋ᠢ ᢈᠡᠯᠡᢈᠦ ᠪᠤᠢ? “ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠶᠢᠯ” ᢉᠡᠳᠡᢉ ᠨᠢ ᠲᠣᠳᠤᠷᠬᠠᠢ ᠣᠷᠤᠨ ᠵᠠᠢ ᠳ᠋ᠤ ᠰᠢᠯᠵᠢᢉᠦᠯᠦᠨ ᠪᠠᠶᠢᠷᠢᠯᠠᠭᠤᠯᠬᠤ ᠪᠣᠯᠤᠮᠵᠢ ᠲᠠᠢ ᠳᠤᠷᠠᠰᠬᠠᠯ ᠶᠤᠮ᠃ ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠢᠯ ᠳ᠋ᠦ ᠶᠠᠭᠤ ᠶ᠋ᠢ ᠬᠠᠮᠢᠶᠠᠷᠤᠭᠤᠯᠬᠤ ᠪᠤᠢ? ᠨᠦᠪ-ᠡᠶᠢᠨ ᠪᠣᠯᠪᠠᠰᠤᠷᠠᠯ᠂ ᠰᠢᠨᠵᠢᠯᠡᢈᠦ ᠤᠬᠠᠭᠠᠨ᠂ ᠰᠣᠶᠤᠯ ᠤ᠋ᠨ ᠪᠠᠶᠢᠭᠤᠯᠤᠯᠭᠠ (ᠶᠦᠨᠧᠰᠻᠣ)-ᢉᠡ ᠶ᠋ᠢᠨ ᠑᠙᠗᠐ ᠣᠨ ᠳ᠋ᠤ ᠫᠠᠷᠢᠰ ᠬᠣᠲᠠᠨᠠ ᠬᠤᠷᠠᠯᠳᠤᠭᠰᠠᠨ ᠶᠡᠷᠦᠩᢈᠡᠢ ᠪᠠᠭᠠ ᠬᠤᠷᠠᠯ ᠤ᠋ᠨ ᠑᠖ ᠳ᠋ᠤᠭᠠᠷ ᠴᠢᠭᠤᠯᠭᠠᠨ ᠢ᠋ᠶᠠᠷ ᠪᠠᠲᠤᠯᠠᠭᠰᠠᠨ “ᠰᠣᠶᠤᠯ ᠤ᠋ᠨ ᠦᠨᠡᠲᠦ ᠵᠦᠢᠯ ᠢ᠋ ᠬᠠᠤᠯᠢ ᠪᠤᠰᠤ ᠪᠠᠷ ᢈᠢᠯᠢ ᠪᠡᠷ ᠭᠠᠷᠭᠠᠬᠤ᠂ ᠣᠷᠤᠭᠤᠯᠬᠤ᠂ ᠲᠡᢉᠦᠨᠴᠢᠯᠡᠨ ᠥᠮᠴᠢᠯᠡᢈᠦ ᠡᠷᢈᠡ ᠶ᠋ᠢ ᠰᠢᠯᠵᠢᢉᠦᠯᢈᠦ ᠶ᠋ᠢ ᠬᠣᠷᠢᠭᠯᠠᠬᠤ᠂ ᠤᠷᠢᠳᠴᠢᠯᠠᠨ ᠰᠡᠷᢉᠡᠶᠢᠯᠡᢈᠦ ᠠᠷᠭᠠ ᢈᠡᠮᠵᠢᠶ ᠡᠨ ᠦ᠋ ᠲᠤᠬᠠᠢ” ᠻᠣᠨ᠋ᠸᠧᠨ᠋ᠼᠢᠳ᠋ “᠂᠂᠂᠂ ᠰᠣᠶᠤᠯ ᠤ᠋ᠨ ᠦᠨᠡᠲᠦ ᠵᠦᠢᠯᠡᠰ ᠨᠢ ᠠᠷᠠᠳ ᠲᠦᠮᠡᠨ ᠨᠦ᠋ᢉᠦᠳ ᠦ᠋ᠨ ᠰᠣᠶᠤᠯ᠂ ᠢᠷᢉᠡᠨᠰᠢᠯ᠂ ᠰᠣᠶᠤᠯ ᠤ᠋ᠨ ᠦᠨᠳᠦᠰᠦᠨ ᢈᠡᠰᠡᢉ ᠦ᠋ᠳ ᠦ᠋ᠨ ᠨᠢᢉᠡ ᠮᠥᠨ ᠪᠥᢉᠡᠳ ᠭᠠᠷᠤᠯ ᠡᢉᠦᠰᠦᠯ᠂ ᠲᠡᠦᢈᠡ᠂ ᠣᠷᠴᠢᠨ ᠲᠣᠭᠤᠷᠢᠨ ᠨᠢ ᠵᠢᠩᢈᠢᠨᠢ ᠦᠨᠡ ᠴᠢᠨ ᠢ᠋ ᠨᠢ ᠲᠣᠳᠤᠷᠬᠠᠶᠢᠯᠠᠵᠤ ᠪᠠᠶᠢᠳᠠᠭ ᠃ ᠃ ᠃ ” ᢈᠡᠮᠡᢉᠡᠳ “ᠰᠣᠶᠤᠯ ᠤ᠋ᠨ ᠦᠨᠡᠲᠦ ᠵᠦᠢᠯᠡᠰ ᠨᠢ ᠠᠷᢈᠧᠣᠯᠣᢉᠢ᠂ ᠲᠡᠦᢈᠡ ᠶ᠋ᠢᠨ ᠡᠮᠦᠨᠡᢈᠢ ᠦᠶᠡ᠂ ᠤᠷᠠᠨ ᠵᠣᢈᠢᠶᠠᠯ᠂ ᠤᠷᠠᠯᠢᠭ᠂ ᠰᠢᠨᠵᠢᠯᠡᢈᠦ ᠤᠬᠠᠭᠠᠨ ᠤ᠋ ᠠᠴᠢ ᠬᠣᠯᠪᠤᠭᠳᠠᠯ ᠲᠠᠢ ᢉᠡᠵᠦ ᠤᠯᠤᠰ᠂ ᠪᠦᠷᠢ ᠦᠨᠡᠯᠡᠵᠦ ᠪᠠᠶᠢᠭᠠ ᠱᠠᠰᠢᠨ ᠤ᠋ ᠪᠤᠶᠤ ᠱᠠᠰᠢᠨ ᠤ᠋ ᠪᠤᠰᠤ ᠰᠢᠨᠵᠢ ᠴᠢᠨᠠᠷᠲᠠᠢ ᠪᠥᢉᠡᠳ ᠳᠣᠣᠷᠠ ᠳᠤᠷᠠᠳᠤᠭᠰᠠᠨ ᠠᠩᢉᠢᠯᠠᠯ ᠳ᠋ᠤ ᠬᠠᠮᠠᠷᠠᠷᠠᠭᠳᠠᠬᠤ ᠵᠦᠶᠢᠯ ᠢ᠋ ᢈᠡᠯᠡᠨᠡ” ᢉᠡᠵᠦ ᠲᠣᠭᠠᠴᠠᠨᠠ᠃
ᠤᠷᠭᠤᠮᠠᠯ᠂ ᠠᠮᠢᠲᠠᠨ᠂ ᠡᠷᠦᠳᠡᠰᠦ᠂ ᠴᠣᠭᠴᠠᠰ ᠤ᠋ᠨ ᠬᠣᠪᠤᠷ ᠳᠡᢉᠡᠵᠢ ᠨᠦ᠋ᢉᠦᠳ᠂ ᠴᠤᠭᠯᠠᠭᠤᠯᠭᠠ ᠪᠣᠯᠤᠨ ᠫᠠᠯᠧᠨ᠋ᠲ᠋ᠣᠯᠣ᠋ ᠶ᠋ᠢᠨ ᠠᠴᠢ ᠬᠣᠯᠪᠤᠭᠳᠠᠯ ᠲᠠᠢ ᠵᠦᠢᠯᠡᠰ᠂ ᠲᠡᠦᢈᠡ ᠶ᠋ᠢᠨ ᠦᠨᠡᠲᠦ ᠵᠦᠶᠢᠯᠡᠰ᠂ ᠲᠤᠬᠠᠶᠢᠯᠠᠪᠠᠯ᠂ ᠰᠢᠨᠵᠢᠯᠡᢈᠦ ᠤᠬᠠᠭᠠᠨ᠂ ᠲᠧᠻᠨᠢᢉ᠂ ᠳᠠᠶᠢᠨ ᠨᠡᠶᠢᢉᠡᠮ ᠦ᠋ᠨ ᠲᠡᠦᢈᠡ᠂ ᠲᠡᢉᠦᠨᠴᠢᠯᠡᠨ ᠦᠨᠳᠦᠰᠦᠲᠡᠨ ᠦ᠋ ᠨᠡᠷᠡᠲᠦ ᠵᠢᠳᢈᠦᠯᠲᠡᠨ ᠨᠦ᠋ᢉᠦᠳ᠂ ᠰᠡᠳᢈᠢᢉᠴᠢᠳ᠂ ᠡᠷᠳᠡᠮᠲᠡᠳ᠂ ᠵᠦᠵᠦᢉᠡᠴᠢᠳ ᠪᠣᠯᠤᠨ ᠦᠨᠳᠦᠰᠦᠨ ᠦ᠋ ᠲᠣᠮᠤᠬᠠᠨ ᠦᠢᠯᠡ ᠶᠠᠪᠤᠳᠠᠯ ᠳ᠋ᠤ ᠬᠣᠯᠪᠤᠭᠠ ᠲᠠᠢ ᠵᠦᠶᠢᠯᠡᠰ᠂ ᠠᠷᢈᠧᠤᠯᠤᢉᠢ ᠶ᠋ᠢᠨ ᠣᠯᠪᠤᠷᠢ ᠨᠤᠭᠤᠳ (ᠵᠢᠷ ᠦ᠋ᠨ ᠪᠣᠯᠤᠨ ᠳᠠᠯᠳᠠ) ᠪᠣᠯᠤᠨ ᠠᠷᢈᠧᠣᠯᠣᢉᠢ ᠶ᠋ᠢᠨ ᠨᠡᢉᠡᢉᠡᠯᠲᠡ ᠨᠦ᠋ᢉᠦᠳ᠂ ᠤᠷᠠᠯᠢᠭ ᠤ᠋ᠨ ᠪᠣᠯᠤᠨ ᠲᠡᠦᢈᠡ ᠶ᠋ᠢᠨ ᢈᠥᠰᠢᠶᠡ ᠳᠤᠷᠠᠰᠬᠠᠯ᠂ ᠠᠷᢈᠧᠣᠯᠣᢉᠢ ᠶ᠋ᠢᠨ ᠠᠴᠢ ᠬᠣᠯᠪᠤᠭᠳᠠᠯ ᠪᠦᢈᠦᠢ ᠭᠠᠵᠠᠷ ᠤ᠋ᠨ ᠪᠦᠷᠢᠯᠳᠦᢈᠦᠨ ᢈᠡᠰᠡᢉ ᠦ᠋ᠳ᠂ ᠑᠐᠐ ᠵᠢᠯ ᠡᠴᠡ ᠡᠮᠦᠨᠡᢈᠢ ᠦᠶᠡ ᠶ᠋ᠢᠨ ᠪᠢᠴᠢᢉᠡᠰᠦ᠂ ᠴᠢᠳᠬᠤᠮᠠᠯ ᠡᠳ᠋ ᠵᠦᠢᠯ᠂ ᠵᠣᠭᠤᠰ᠂ ᠲᠠᠮᠠᠭᠠ ᠲᠡᠮᠳᠡᢉ ᠵᠡᠷᢉᠡ ᠬᠠᠭᠤᠴᠢᠨ ᠤ᠋ ᠡᠳ᠋ ᠶᠠᠭᠤᠮᠠᠰ᠂ ᠤᠭᠰᠠᠭᠠᠲᠠᠨ ᠤ᠋ ᠵᠦᠢ ᠶ᠋ᠢᠨ ᠮᠠᠲ᠋ᠧᠷᠢᠠᠯ ᠤ᠋ᠳ᠂ ᠤᠷᠠᠯᠢᠭ ᠤ᠋ᠨ ᠦᠨᠡᠲᠦ ᠵᠦᠶᠢᠯᠡᠰ (ᠭᠠᠷ ᠠᠷᠭᠠ ᠪᠠᠷ ᠦᠢᠯᠡᠳᠦᢉᠰᠡᠨ ᠪᠦᢈᠦ ᠲᠥᠷᠦᠯ ᠦ᠋ᠨ ᠤᠷᠠᠨ ᠵᠢᠷᠤᠭ᠂ ᠤᠷᠠᠨ ᠪᠠᠷᠢᠮᠠᠯ᠂ ᠰᠡᠶᠢᠯᠪᠦᠷᠢ᠂ ᠪᠠᠷᠰ᠂ ᠴᠢᠳᠬᠤᠮᠠᠯ ᠤ᠋ᠳ᠂ ᠤᠷᠠᠨ ᠰᠠᠶᠢᠬᠠᠨ ᠤ᠋ ᠰᠣᠩᠭᠤᠮᠵᠢ᠂ ᠡᠪᠯᠡᢉᠦᠯᢉᠡ)
ᠬᠣᠪᠤᠷ ᠭᠠᠷ ᠪᠢᠴᠢᠮᠡᠯ ᠦ᠋ᠳ᠂ ᢈᠡᠪᠯᠡᠮᠡᠯ ᠵᠦᠢᠯᠡᠰ᠂ ᠲᠡᠦᢈᠡ᠂ ᠤᠷᠠᠯᠢᠭ᠂ ᠰᠢᠨᠵᠢᠯᠡᢈᠦ ᠤᠬᠠᠭᠠᠨ᠂ ᠤᠷᠠᠨ ᠵᠣᢈᠢᠶᠠᠯ ᠵᠡᠷᢉᠡ ᠣᠨᠴᠤᠭᠤᠢ ᠰᠣᠨᠢᠷᠬᠠᠯ ᠲᠠᠲᠠᠵᠤ ᠪᠠᠶᠢᠭᠠ ᠪᠠᠷᠢᠮᠲᠠ ᠪᠢᠴᠢᢉ᠂ ᢈᠡᠪᠯᠡᠯ ᠭᠠᠷᠴᠠ ᠨᠢᢉᠡ ᠪᠡᠷ ᠢ᠋ᠶᠡᠨ ᠪᠤᠶᠤ ᠴᠤᠭᠯᠠᠭᠤᠯᠭᠠ᠂ ᠰᠢᠤᠳᠠᠨ ᠤ᠋ ᠮᠠᠷᠻ᠂ ᠲᠠᠲᠠᠪᠤᠷᠢ ᠶ᠋ᠢᠨ ᠮᠠᠷᠻ᠂ ᠲᠡᢉᠦᠨ ᠲᠡᠢ ᠢᠵᠢᠯ ᠲᠥᠰᠲᠡᠢ ᠮᠠᠷᠻ ᠤ᠋ᠳ ᠭᠠᠭᠴᠠ ᠨᠢᢉᠡ ᠪᠡᠷ ᠢ᠋ᠶᠡᠨ ᠪᠤᠶᠤ ᠲᠡᠳᠡᢉᠡᠷ ᠦ᠋ᠨ ᠴᠤᠭᠯᠠᠭᠤᠯᠭᠠ ᠳᠠᠭᠤᠨ ᠤ᠋ ᠪᠢᠴᠢᠯᢉᠡ᠂ ᢉᠡᠷᠡᠯ ᠵᠢᠷᠤᠭ ᠤ᠋ᠨ᠂ ᠻᠢᠨᠣ᠋ ᠶ᠋ᠢᠨ ᠪᠣᠯᠤᠨ ᠪᠤᠰᠤᠳ ᠠᠷᢈᠢᠸ ᠤ᠋ᠳ᠂ ᠑᠐᠐ ᠵᠢᠯ ᠦ᠋ᠨ ᠡᠮᠦᠨᠡᢈᠢ ᠦᠶᠡ ᠶ᠋ᠢᠨ ᠡᠷᠲᠡᠨ ᠦ᠋ ᠮᠣᠳᠤᠨ ᠡᠳ᠋ᠯᠡᠯ᠂ ᢈᠥᢉᠵᠢᠮ ᠦ᠋ᠨ ᠵᠢᠮᠰᠡᢉ ᠦ᠋ᠳ᠃
ᠮᠣᠩᠭᠣᠯ ᠤᠯᠤᠰ ᠤ᠋ᠨ ᠰᠣᠶᠤᠯ ᠤ᠋ᠨ ᠥᠪ ᠢ᠋ ᠬᠠᠮᠠᠭᠠᠯᠠᠬᠤ ᠲᠤᠬᠠᠢ ᠬᠠᠤᠯᠢ ᠶ᠋ᠢᠨ ᠖ ᠳ᠋ᠤᠭᠠᠷ ᠵᠦᠢᠯ ᠳ᠋ᠦ ᠵᠢᠭᠠᠭᠰᠠᠨ ᠢ᠋ᠶᠠᠷ ᠳᠠᠷᠠᠭᠠᢈᠢ ᠰᠣᠶᠤᠯ ᠤ᠋ᠨ ᠪᠡᠶᠡᠲᠦ ᠥᠪ ᠢ᠋ ᠥᠮᠴᠢ ᠶ᠋ᠢᠨ ᢈᠡᠯᠪᠡᠷᠢ ᠬᠠᠷᠠᠭᠠᠯᠵᠠᠬᠤ ᠦᢉᠡᠢ ᠪᠡᠷ ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠶᠢᠯ ᠳ᠋ᠦ ᠬᠠᠮᠢᠶᠠᠷᠤᠭᠤᠯᠤᠨᠠ:
ᠬᠣᠪᠤᠷ ᠡᠷᠦᠳᠡᠰᠦ;
ᠡᠷᠳᠡᠨᠢ ᠶ᠋ᠢᠨ ᠴᠢᠯᠠᠭᠤᠨ ᠤ᠋ ᠬᠣᠪᠤᠷ ᠣᠯᠳᠠᠪᠤᠷᠢ;
ᠰᠣᠯᠢᠷ;
ᠬᠣᠪᠤᠷ ᠪᠣᠯᠤᠨ ᠬᠣᠪᠤᠷᠳᠠᠭᠰᠠᠨ ᠤᠷᠭᠤᠮᠠᠯ ᠤ᠋ᠨ ᠬᠠᠲᠠᠭᠠᠮᠠᠯ ᠴᠤᠭᠯᠠᠭᠤᠯᠭᠠ᠂ᠠᠮᠢᠲᠠᠨ ᠤ᠋ ᠴᠢᢈᠢᠮᠡᠯ;
ᠡᠷᠲᠡᠨ ᠦ᠋ ᠤᠷᠭᠤᠮᠠᠯ᠂ ᠠᠮᠢᠲᠠᠨ ᠤ᠋ ᠣᠯᠳᠠᠪᠤᠷᠢ;
ᠠᠷᢈᠧᠤᠯᠤᢉᠢ ᠶ᠋ᠢᠨ ᠣᠯᠳᠠᠪᠤᠷᠢ;
ᠤᠭᠰᠠᠭᠠᠲᠠᠨ ᠤ᠋ ᠬᠤᠪᠴᠠᠰᠤ᠂ ᠴᠢᠮᠡᢉᠯᠡᠯ;
ᠤᠯᠠᠮᠵᠢᠯᠠᠯᠲᠤ ᠠᠵᠤ ᠠᠬᠤᠢ ᠶ᠋ᠢᠨ ᠲᠣᠨᠤᠭ ᢈᠡᠷᠡᢉᠰᠡᠯ᠂ ᢈᠥᠳᠡᠯᠮᠦᠷᠢ ᠶ᠋ᠢᠨ ᠪᠠᠭᠠᠵᠢ ᠵᠡᠪᠰᠡᢉ;
ᠤᠭᠰᠠᠭᠠᠲᠠᠨ᠂ ᠶᠠᠰᠤᠲᠠᠨ ᠤ᠋ ᠤᠯᠠᠮᠵᠢᠯᠠᠯᠲᠤ ᢈᠥᢉᠵᠢᠮ ᠦ᠋ᠨ ᠵᠢᠮᠰᠡᢉ᠂ ᠡᠳ ᠥᠯᠦᢉᠡᠢ ᠶ᠋ᠢᠨ ᠵᠦᠶᠢᠯ;
ᠤᠯᠠᠮᠵᠢᠯᠠᠯᠲᠤ ᠲᠣᠭᠯᠠᠭᠠᠮ᠂ ᠨᠠᠭᠠᠳᠤᠭᠠᠢ;
ᠤᠯᠠᠮᠵᠢᠯᠠᠯᠲᠤ ᠱᠠᠰᠢᠨ᠂ ᠰᠢᠲᠦᠯᢉᠡ ᠶ᠋ᠢᠨ ᠬᠣᠯᠪᠤᠭᠳᠠᠯ ᠲᠠᠢ ᠡᠳ ᠥᠯᠦᢉᠡᠢ ᠶ᠋ᠢᠨ ᠵᠦᠶᠢᠯ;
ᠪᠢᠴᠢᢉ ᠦ᠋ᠨ ᠳᠤᠷᠠᠰᠬᠠᠯᠲᠤ ᠵᠦᠶᠢᠯ;
ᠳᠦᠷᠰᠦ᠂ ᠳᠠᠭᠤ ᠠᠪᠢᠶᠠᠨ ᠤ᠋ ᠪᠠᠷᠢᠮᠲᠠ;
ᠳᠦᠷᠰᠦᠯᠡᢈᠦ ᠤᠷᠠᠯᠢᠭ ᠤ᠋ᠨ ᠪᠦᢈᠦ ᠲᠥᠷᠦᠯ ᠦ᠋ᠨ ᠪᠦᠲᠦᢉᠡᠯ᠂ ᠬᠣᠯᠪᠤᠭᠳᠠᠬᠤ ᠡᠳ ᠥᠯᠦᢉᠡᠢ ᠶ᠋ᠢᠨ ᠵᠦᠶᠢᠯ;
ᠤᠯᠠᠮᠵᠢᠯᠠᠯᠲᠤ ᠮᠣᠩᠭᠣᠯ ᠡᠮᠨᠡᠯᢉᠡ ᠶ᠋ᠢᠨ ᠣᠨᠤᠰᠢᠯᠠᠭᠠ᠂ ᠡᠮᠴᠢᠯᠡᢉᠡᠨ ᠦ᠋ ᢈᠡᠷᠡᢉᠯᠡᢉᠳᠡᢈᠦᠨ᠂ ᠲᠡᠳᠡᢉᠡᠷ ᠲᠦ ᠬᠣᠯᠪᠤᠭᠳᠠᠬᠤ ᠡᠳ ᠥᠯᠦᢉᠡᠢ ᠶ᠋ᠢᠨ ᠵᠦᠶᠢᠯ;
ᢉᠡᠷ᠂ ᠰᠠᠭᠤᠴᠠ᠂ ᠲᠡᠳᠡᢉᠡᠷ ᠲᠦ ᠬᠣᠯᠪᠤᠭᠳᠠᠬᠤ ᠡᠳ ᠥᠯᠦᢉᠡᠢ ᠶ᠋ᠢᠨ ᠵᠦᠶᠢᠯ;
ᠪᠤᠰᠤᠳ ᠲᠡᠦᢈᠡ᠂ ᠰᠣᠶᠤᠯ ᠤ᠋ᠨ ᠳᠤᠷᠠᠰᠬᠠᠯᠲᠤ ᠵᠦᠶᠢᠯ᠃