ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠵᠠᢈᠢᠷᠤᠯ ᠤ᠋ᠨ ᠮᠡᠨᠳᠦᠴᠢᠯᠡᢉᠡ

ᠵᠠᢈᠢᠷᠤᠯ ᠤ᠋ᠨ ᠮᠡᠨᠳᠦᠴᠢᠯᠡᢉᠡ ᠲᠠ ᠪᠦᢈᠦᠨ ᠳ᠋ᠦ ᠪᠡᠨ ᠡᠨᠡ ᠡᠳᠦᠷ ᠦ᠋ᠨ ᠮᠡᠨᠳᠦ ᠶ᠋ᠢ ᢈᠦᠷᢉᠡᠵᠦ᠂ ᠳᠡᠯᠡᢈᠡᠢ ᠶ᠋ᠢᠨ ᠥᠪᠡᠷᠮᠢᠴᠡ ᠣᠨᠴᠠᠯᠢᠭ᠂ ᠮᠣᠩᠭᠣᠯ ᠣᠷᠤᠨ ᠤ᠋ ᠪᠠᠶᠢᠭᠠᠯᠢ ᠶ᠋ᠢᠨ ᠲᠡᠦᢈᠡ ᠶ᠋ᠢ ᢉᠡᠷᠡᠴᠢᠯᠡᢈᠦ ᠦᠨᠡᠲᠦ ᠵᠦᠢᠯ ᠢ᠋ ᠲᠦᢉᠡᢉᠡᠨ ᠳᠡᠯᢉᠡᠷᠡᢉᠦᠯᢈᠦ ᠡᠷᢈᠢᠮ ᠵᠣᠷᠢᠯᠭᠠᠲᠠᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠴᠠᢈᠢᠮ ᠬᠠᠭᠤᠳᠠᠰᠤᠨ ᠳ᠋ᠤ ᠵᠣᠴᠢᠯᠠᠵᠤ ᠪᠤᠢ ᠳ᠋ᠤ ᢉᠦᠨ ᠲᠠᠯᠠᠷᠬᠠᠯ ᠢᠯᠡᠷᢈᠡᠶᠢᠯᠡᠶ᠎ᠡ᠃ ᠮᠣᠩᠭᠣᠯ ᠤᠯᠤᠰ ᠲᠤ ᠣᠷᠴᠢᠨ ᠴᠠᠭ ᠤ᠋ᠨ ᠮᠦᠽᠧᠢ ᠶ᠋ᠢᠨ ᠦᠨᠳᠦᠰᠦ ᠰᠠᠭᠤᠷᠢ ᠑᠙᠒᠑ ᠣᠨ ᠳ᠋ᠤ ᠲᠠᠯᠪᠢᠭᠳᠠᠵᠤ᠂ ᠑᠙᠒᠔ ᠣᠨ ᠳ᠋ᠤ ᠣᠯᠠᠨ ᠨᠡᠶᠢᠲᠡ ᠳ᠋ᠦ ᠡᢉᠦᠳᠡ ᠬᠠᠭᠠᠯᠭ᠎ᠠ ᠪᠠᠨ ᠨᠡᢉᠡᢉᠡᢉᠰᠡᠨ ᠢ᠋ᠶᠡᠷ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠲᠡᠦᢈᠡᠨ ᠵᠠᠮᠨᠠᠯ ᠡᢈᠢᠯᠡᢉᠰᠡᠨ ᠪᠢᠯᠡ᠃ ᠡᢉᠦᠰᢈᠡᠨ ᠪᠠᠶᠢᠭᠤᠯᠤᠭᠳᠠᠭᠰᠠᠨ ᠴᠠᠭ ᠠ᠋ᠴᠠ ᠪᠠᠨ ᠡᢈᠢᠯᠡᠨ ᠡᢈᠡ ᠣᠷᠤᠨ ᠤ᠋ ᠪᠠᠶᠢᠭᠠᠯᠢ᠂ ᢉᠧᠣᠯᠣᢉᠢ᠂ ᠫᠠᠯᠧᠨ᠋ᠲ᠋ᠣᠯᠣᢉᠢ᠂ ᠤᠷᠭᠤᠮᠠᠯ᠂ ᠠᠮᠢᠲᠠᠨ ᠤ᠋ ᠥᠪ ᠢ᠋ ᠴᠤᠭᠯᠠᠭᠤᠯᠤᠨ ᠬᠠᠳᠠᠭᠠᠯᠠᠵᠤ᠂ ᠬᠠᠮᠠᠭᠠᠯᠠᠨ ᠰᠤᠳᠤᠯᠵᠤ᠂ ᠠᠷᠠᠳ ᠲᠦᠮᠡᠨ ᠳ᠋ᠦ ᠪᠡᠨ ᠰᠤᠷᠲᠠᠯᠴᠢᠯᠠᠨ ᠲᠠᠨᠢᠭᠤᠯᠬᠤ ᠦᠶᠢᠯᠡᠰ ᠢ᠋ ᢈᠢᠵᠦ ᠢᠷᠡᢉᠰᠡᠨ᠃ ᠑᠙᠕᠖ ᠣᠨᠤᠭᠠᠰᠤ “ᠤᠯᠤᠰ ᠤ᠋ᠨ ᠲᠥᠪ ᠮᠦᠽᠧᠢ” ᠨᠡᠷ᠎ᠡ ᠲᠡᠢ ᠪᠡᠷ ᠠᠵᠢᠯᠯᠠᠵᠤ᠂ ᠑᠙᠗᠔ ᠣᠨ ᠳ᠋ᠤ ᠕᠐ ᠵᠢᠯ ᠦ᠋ᠨ ᠣᠢ ᠪᠠᠨ ᠲᠡᠮᠳᠡᢉᠯᠡᢈᠦ ᠳ᠋ᠡᢉᠡᠨ “ᠠᠯᠲᠠᠨ ᠭᠠᠳᠠᠰᠤ” ᠣᠳᠤᠨ ᠢ᠋ᠶᠠᠷ ᠱᠠᠩᠨᠠᠭᠳᠠᠭᠰᠠᠨ ᠨᠢ ᠮᠣᠩᠭᠣᠯ ᠤ᠋ᠨ ᠮᠦᠽᠧᠢ ᠶ᠋ᠢᠨ ᠰᠠᠯᠪᠤᠷᠢ ᠳ᠋ᠠᢈᠢ ᠦᠨ᠎ᠡ ᠲᠡᠢ ᠬᠤᠪᠢ ᠨᠡᠮᠡᠷᠢ ᠶ᠋ᠢ ᠪᠠᠲᠤᠯᠠᠨ ᠬᠠᠷᠠᠭᠤᠯᠤᠭᠰᠠᠨ ᠲᠡᠦᢈᠡᠨ ᠦᠶᠢᠯᠡ ᠶᠠᠪᠤᠳᠠᠯ ᠪᠣᠯᠤᠭᠰᠠᠨ᠃ ᠬᠠᠷᠢᠨ ᠑᠙᠙᠑ ᠣᠨ ᠳ᠋ᠤ ᠴᠤᠭᠯᠠᠭᠤᠯᠭ᠎ᠠ ᠪᠠᠷ ᠢ᠋ᠶᠠᠨ ᠲᠥᠷᠦᠯᠵᠢᠵᠦ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠪᠡᠶ᠎ᠡ ᠳᠠᠭᠠᠭᠠᠨ ᠪᠠᠶᠢᠭᠤᠯᠤᠭᠳᠠᠵᠤ᠂᠒᠐᠑᠙ ᠣᠨ ᠳ᠋ᠤ ᠦᠯᠦᢉ ᢉᠦᠷᠪᠡᠯ ᠦ᠋ᠨ ᠲᠥᠪ ᠮᠦᠽᠧᠢ ᠶ᠋ᠢ ᠨᠢᢉᠡᠳᢈᠡᠨ᠂ ᠵᠣᢈᠢᠶᠠᠨ ᠪᠠᠶᠢᠭᠤᠯᠤᠯᠲᠠ ᠳ᠋ᠤ ᠣᠷᠤᠵᠤ ᠮᠦᠽᠧᠢ ᠶ᠋ᠢᠨ ᠵᠣᠷᠢᠭᠤᠯᠤᠯᠲᠠ ᠶ᠋ᠢᠨ ᠪᠠᠶᠢᠷᠢᠨ ᠳ᠋ᠤ ᠦᠶᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠨ᠎ᠠ᠃ ᠪᠠᠶᠢᠭᠠᠯᠢ ᠶ᠋ᠢᠨ ᠲᠡᢉᠦᢈᠡᠢ ᠮᠦᠽᠧᠢ ᠨᠢ ᠪᠠᠶᠢᠩᠭᠤ ᠶ᠋ᠢᠨ ᠦᠵᠡᢉᠦᠯᠦᠯᢉᠡ ᠶ᠋ᠢᠨ ᠲᠠᠩᢈᠢᠮ ᠢ᠋ᠶᠠᠷ ᠦᠢᠯᠡᠴᠢᠯᠡᢈᠦ ᠡᠴᠡ ᠭᠠᠳᠠᠨ᠎ᠠ ᢈᠡᠦᢈᠡᠳ ᠪᠠᠭᠠᠴᠤᠳ᠂ ᠣᠶᠤᠲᠠᠨ ᠵᠠᠯᠠᠭᠤᠰ᠂ ᢉᠡᠷ ᠪᠦᠯᠢ᠂ ᠰᠤᠳᠤᠯᠤᠭᠠᠴᠢ ᠡᠷᠳᠡᠮᠲᠡᠨ ᠨᠡᠶᠢᢉᠡᠮ ᠦ᠋ᠨ ᠬᠠᠷᠢᠯᠴᠠᠭᠠᠨ ᠳ᠋ᠤ ᠣᠷᠤᠯᠴᠠᠭᠴᠢ ᢈᠦᠮᠦᠨ ᠪᠦᠷᠢ ᠳ᠋ᠦ ᠲᠡᢉᠰᠢ ᢈᠦᠷᠲᠡᢉᠡᠮᠵᠢ ᠲᠡᠢ ᠪᠡᠷ ᠮᠦᠽᠧᠢ ᠶ᠋ᠢᠨ ᠦᠵᠡᠮᠦᠷᠢ ᠳ᠋ᠦ ᠲᠦᠰᠢᢉᠯᠡᢉᠰᠡᠨ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠰᠣᠨᠢᠷᠬᠠᠯᠲᠠᠢ ᠮᠡᠳᠡᠯᢉᠡ ᠶ᠋ᠢ ᠨᠡᢉᠡᢉᠡᠵᠦ ᠥᢉᢈᠦ ᠲᠠᠨᠢᠨ ᠮᠡᠳᠡᢈᠦᠢ ᠶ᠋ᠢᠨ ᠣᠷᠴᠢᠨ ᠪᠣᠯᠵᠤ ᠥᠷᢉᠡᠵᠢᠨ ᢈᠥᢉᠵᠢᠵᠦ ᠪᠠᠶᠢᠭ᠎ᠠ ᠳ᠋ᠤ ᠪᠠᠨ ᠪᠠᠶᠠᠷᠲᠠᠢ ᠪᠠᠶᠢᠨ᠎ᠠ᠃ ᠡᠷᢈᠢᠮ ᠲᠠ ᠪᠦᢈᠦᠨ ᠢ᠋ ᠮᠠᠨ ᠤ᠋ ᠮᠦᠽᠧᠢ ᠳ᠋ᠦ ᢈᠦᠷᠦᠯᠴᠡᠨ ᠢᠷᠡᠵᠦ᠂ ᠮᠣᠩᠭᠣᠯ ᠣᠷᠤᠨ ᠤ᠋ ᠪᠠᠶᠢᠭᠠᠯᠢ ᠶ᠋ᠢᠨ ᠭᠠᠶᠢᠬᠠᠮᠰᠢᠭ ᠢ᠋ ᠬᠠᠮᠲᠤ ᠳ᠋ᠤ ᠪᠠᠨ ᠨᠡᢉᠡᢉᠡᠨ᠂ ᠪᠠᠶᠢᠭᠠᠯᠢ ᠶ᠋ᠢ ᠣᠶᠢᠷ᠎ᠠ ᠠ᠋ᠴᠠ ᠮᠡᠳᠡᠷᠡᢈᠦ ᠶ᠋ᠢ ᠤᠷᠢᠵᠤ ᠪᠠᠶᠢᠨ᠎ᠠ᠃

ᠳᠣᠲᠤᠨᠤ ᠪᠠᠷ ᠮᠡᠨᠳᠦᠴᠢᠯᠡᢉᠰᠡᠨ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ

ᠨᠤᠷᠮᠠᠬᠠᠭᠠᠨ ᠮᠠᠨᠴᠤᠻᠠ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ