ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠠᠯᠤᠰ ᠤ᠋ᠨ ᠬᠠᠷᠠᠭ᠎ᠠ᠂ ᠡᠷᢈᠢᠮ ᠵᠣᠷᠢᠯᠭ᠎ᠠ

ᠠᠯᠤᠰ ᠤ᠋ᠨ ᠬᠠᠷᠠᠭ᠎ᠠ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠰᠤᠳᠤᠯᠭ᠎ᠠ ᠰᠢᠨᠵᠢᠯᠡᢉᠡ᠂ ᠰᠣᠶᠤᠯ᠂ ᠪᠣᠯᠪᠠᠰᠤᠷᠠᠯ ᠤ᠋ᠨ ᠲᠡᠷᠢᢉᠦᠯᠡᢈᠦ ᠲᠥᠪ ᠪᠠᠶᠢᠭᠤᠯᠤᠯᠭ᠎ᠠ ᠪᠣᠯᠤᠨ ᢈᠥᢉᠵᠢᠨ᠎ᠡ᠃ ᠡᠷᢈᠢᠮ ᠵᠣᠷᠢᠯᠭ᠎ᠠ ᢉᠧᠣᠯᠣᢉᠢ᠂ ᠫᠠᠯᠧᠨ᠋ᠲ᠋ᠣᠯᠣᢉᠢ᠂ ᠭᠠᠵᠠᠷᠵᠦᠢ ᠪᠢᠣᠯᠣᢉᠢ ᠶ᠋ᠢᠨ ᠵᠦᠢᠯ ᠦ᠋ᠨ ᠪᠦᠷᠢᠯᠳᠦᢈᠦᠨ ᠢ᠋ᠶᠡᠷ ᠰᠠᠩ ᢈᠥᠮᠦᠷᢉᠡ ᠶ᠋ᠢ ᠪᠠᠶᠠᠵᠢᠭᠤᠯᠵᠤ᠂ ᠮᠣᠩᠭᠣᠯ ᠤ᠋ᠨ ᠤᠨᠠᠭᠠᠨ ᠪᠠᠶᠢᠭᠠᠯᠢ ᠶ᠋ᠢ ᠳᠡᠯᠡᢈᠡᠢ ᠳ᠋ᠦ ᠲᠠᠨᠢᠭᠤᠯᠤᠨ ᠪᠠᠶᠢᠭᠠᠯᠢ ᠳᠡᠯᠡᢈᠡᠢ ᠪᠡᠨ ᠬᠠᠮᠠᠭᠠᠯᠠᠬᠤ ᠦᠵᠡᠯ ᠰᠠᠨᠠᠭ᠎ᠠ ᠶ᠋ᠢ ᠨᠡᠶᠢᢉᠡᠮ ᠳ᠋ᠦ ᠲᠥᠯᠦᠪᠰᠢᢉᠦᠯᠦᠨ᠎ᠡ᠃ ᠦᠨᠡᠲᠦ ᠵᠦᠢᠯᠡᠰ ᠮᠦᠽᠧᠢ ᠶ᠋ᠢᠨ ᠦᠨᠡᠲᠦ ᠰᠠᠩ ᢈᠥᠮᠦᠷᢉᠡ ᠶ᠋ᠢ ᠢᠷᠡᢉᠡᠳᠦᠢ ᠬᠣᠶᠢᠴᠢ ᠦᠶ᠎ᠡ ᠳ᠋ᠦ ᠪᠡᠨ ᠤᠯᠠᠮᠵᠢᠯᠠᠭᠤᠯᠬᠤ᠃ ᠪᠠᠶᠢᠭᠠᠯᠢ ᠶ᠋ᠢᠨ ᠥᠪ ᠦ᠋ᠨ ᠲᠥᠯᠦᢉᠡᠯᠡᠯ ᠪᠣᠯᠤᠭᠰᠠᠨ ᠦᠨᠡᠲᠦ ᠴᠤᠭᠯᠠᠭᠤᠯᠭ᠎ᠠ ᠪᠠᠷ ᠮᠦᠽᠧᠢ ᠶ᠋ᠢᠨ ᠰᠠᠩ ᢈᠥᠮᠦᠷᢉᠡ ᠶ᠋ᠢ ᠪᠠᠶᠠᠵᠢᠭᠤᠯᠵᠤ᠂ ᠴᠤᠭᠯᠠᠭᠤᠯᠭ᠎ᠠ ᠶ᠋ᠢ ᠪᠣᠯᠪᠠᠰᠤᠷᠠᠭᠤᠯᠵᠤ᠂ ᠪᠠᠷᠢᠮᠲᠠᠵᠢᠭᠤᠯᠵᠤ᠂ ᠬᠠᠳᠠᠭᠠᠯᠠᠨ ᠬᠠᠮᠠᠭᠠᠯᠠᠵᠤ ᠲᠦᢉᠡᢉᠡᠨ ᠳᠡᠯᢉᠡᠷᠡᢉᠦᠯᠦᠨ᠎ᠡ᠃ ᠰᠢᠳᠤᠷᠭᠤ ᠶᠣᠰᠤ ᠵᠦᠢ ᠲᠡᠢ ᠪᠠᠶᠢᠨ᠎ᠠ᠃ ᠪᠤᠰᠤᠳ ᠤ᠋ᠨ ᠢᠲᠡᢉᠡᠯ ᠢ᠋ ᠳᠠᠭᠠᠭᠠᠵᠤ᠂ ᠠᠯᠢᠪᠠ ᠠᠰᠠᠭᠤᠳᠠᠯ ᠳ᠋ᠤ ᠦᠨᠡᠨᠴᠢ ᠰᠢᠳᠤᠷᠭᠤ ᠶᠣᠰᠤ ᠵᠦᠢ ᠲᠡᠢ ᠬᠠᠨᠳᠤᠨ᠎ᠠ ᠦᠵᠡᢉᠴᠢ᠂ ᠦᠢᠯᠡᠴᠢᠯᠡᢉᠦᠯᠦᢉᠴᠢ ᠪᠡᠨ ᠳᠡᢉᠡᠳᠦᠯᠡᠨ᠎ᠡ᠃ ᠦᠵᠡᢉᠴᠢ᠂ ᠦᠢᠯᠡᠴᠢᠯᠡᢉᠦᠯᠦᢉᠴᠢ᠂ ᠬᠠᠷᠢᠯᠴᠠᠭᠴᠢᠳ ᠢ᠋ᠶᠠᠨ ᠳᠡᢉᠡᠳᠦ ᠵᠡᠷᢉᠡ ᠶ᠋ᠢᠨ ᢈᠦᠨᠳᠦᠳᢈᠡᠯ ᠦᠵᠡᢉᠦᠯᠵᠦ᠂ ᠮᠡᠷᢉᠡᠵᠢᠯ ᠦ᠋ᠨ ᠲᠦᠪᠰᠢᠨ ᠳ᠋ᠦ ᠦᠢᠯᠡᠴᠢᠯᠡᠵᠦ ᠢᠷᠡᢉᠡᠳᠦᠢ ᠬᠣᠶᠢᠴᠢ ᠦᠶ᠎ᠡ ᠪᠡᠨ ᠪᠡᠯᠡᠳᢈᠡᠨ᠎ᠡ᠃ ᠤᠷᠲᠤ ᠬᠤᠭᠤᠴᠠᠭᠠᠲᠤ ᠦᠷ᠎ᠡ ᠥᢉᢉᠦᢉᠡᠵᠢ ᠲᠡᠢ ᢈᠥᢉᠵᠢᠯ ᠢ᠋ ᠪᠤᠢ ᠪᠣᠯᠭᠠᠨ᠎ᠠ᠃ ᠮᠠᠷᠻᠧᠲ᠋ᠢᠩ᠂ ᠮᠧᠨᠧᠵᠮᠧᠨ᠋ᠲ ᠢ᠋ᠶᠡᠨ ᠲᠣᠭᠲᠠᠪᠤᠷᠢ ᠲᠠᠢ ᢈᠥᢉᠵᠢᢉᠦᠯᠵᠦ ᠪᠢᠳᠡ ᠦᠵᠡᢉᠴᠢ᠂ ᠦᠢᠯᠡᠴᠢᠯᠡᢉᠦᠯᠦᢉᠴᠢᠳ ᠢ᠋ ᠲᠣᠭᠲᠠᠮᠠᠯ ᠰᠢᠨ᠎ᠡ ᠮᠡᠳᠡᢉᠡ᠂ ᠮᠡᠳᠡᢉᠡᠯᠡᠯ ᠢ᠋ᠶᠡᠷ ᠬᠠᠩᠭᠠᠨ᠎ᠠ᠃ ᠢᠲᠡᢉᠡᠯ ᠳᠦᢉᠦᠷᠡᠩ ᠰᠡᠳᢈᠢᠯ ᠬᠠᠨᠤᠮᠵᠢᠲᠠᠢ ᠪᠠᠭ᠎ᠠ ᠪᠠᠷ ᠠᠵᠢᠯᠯᠠᠨ᠎ᠠ᠃ ᠡᠷᢈᠢᠮ ᠵᠣᠷᠢᠯᠭ᠎ᠠ ᠳ᠋ᠠᠭᠠᠨ ᢈᠦᠷᢈᠦ ᠶ᠋ᠢᠨ ᠲᠤᠯᠠᠳᠠ ᠪᠡᠶ᠎ᠡ ᠪᠡᠶ᠎ᠡ ᠪᠡᠨ ᠳᠡᠮᠵᠢᠵᠦ᠂ ᠰᠡᠳᢈᠢᠯ ᠳᠦᢉᠦᠷᠡᠩ ᠠᠵᠢᠯᠯᠠᠬᠤ ᠣᠷᠴᠢᠨ ᠢ᠋ ᠪᠦᠷᠢᠳᠦᢉᠦᠯᠵᠦ᠂ ᠪᠦᠲᠦᢉᠡᠯᠴᠢ ᠪᠡᠷ ᠬᠠᠮᠲᠤᠷᠠᠨ ᠠᠵᠢᠯᠯᠠᠨ᠎ᠠ᠃ ᠨᠡᠶᠢᢉᠡᠮ ᠦ᠋ᠨ ᠬᠠᠷᠢᠭᠤᠴᠠᠯᠭᠠᠲᠠᠢ ᠪᠠᠶᠢᠨ᠎ᠠ᠃ ᠦᠢᠯᠡᠴᠢᠯᠡᢉᠡᠨ ᠦ᠋ ᠠᠮᠵᠢᠯᠲᠠ ᠪᠠᠷ ᠢ᠋ᠶᠠᠨ ᠪᠢᠳᠡ ᠨᠡᠶᠢᢉᠡᠮ ᠦ᠋ᠨ ᢈᠥᢉᠵᠢᠯ ᠳᠡᠪᠰᠢᠯ ᠳ᠋ᠦ ᠬᠤᠪᠢ ᠨᠡᠮᠡᠷᠢ ᠣᠷᠤᠭᠤᠯᠬᠤ ᠶ᠋ᠢ ᠡᠷᢈᠢᠮᠯᠡᢈᠦ ᠪᠥᢉᠡᠳ ᠨᠡᠶᠢᢉᠡᠮ ᠳ᠋ᠦ ᠲᠤᠰᠠᠲᠠᠢ ᠠᠯᠢᠪᠠ ᠲᠥᠰᠦᠯ᠂ ᠰᠠᠨᠠᠭᠠᠴᠢᠯᠭ᠎ᠠ ᠶ᠋ᠢ ᠳᠡᠮᠵᠢᠵᠦ᠂ ᢈᠡᠷᠡᢉᠵᠢᢉᠦᠯᠦᠨ᠎ᠡ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ