ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠲᠡᠦᢈᠡᠨ ᠵᠠᠮᠨᠠᠯ

XX ᠵᠠᠭᠤᠨ ᠤ᠋ ᠡᢈᠢᠨ ᠦᠶ᠎ᠡ ᠳ᠋ᠦ ᠮᠣᠩᠭᠣᠯ ᠤᠯᠤᠰ ᠤ᠋ᠨ ᠮᠦᠽᠧᠢ ᠨᠢ ᠰᠢᠨᠵᠢᠯᠡᢈᠦ ᠤᠬᠠᠭᠠᠨ ᠤ᠋ ᠲᠥᠪ ᠪᠣᠯᠬᠤ ᠰᠤᠳᠤᠷ ᠪᠢᠴᠢᢉ ᠦ᠋ᠨ ᢈᠦᠷᠢᠶᠡᠯᠡᠩ ᠦ᠋ᠨ ᠬᠠᠷᠢᠶᠠᠨ ᠳ᠋ᠤ ᠪᠠᠶᠢᠭᠤᠯᠤᠭᠳᠠᠭᠰᠠᠨ ᠲᠡᠦᢈᠡ ᠲᠡᠢ᠃ ᠲᠤᠰᠠ ᢈᠦᠷᠢᠶᠡᠯᠡᠩ ᠳ᠋ᠦ ᠠᠵᠢᠯᠯᠠᠵᠤ ᠪᠠᠶᠢᠭᠰᠠᠨ ᠰᠤᠳᠤᠯᠤᠭᠠᠴᠢᠳ ᠑᠙᠒᠑-᠑᠙᠒᠓ ᠣᠨ ᠳ᠋ᠤ ᠮᠦᠽᠧᠢ ᠪᠠᠶᠢᠭᠤᠯᠬᠤ ᠳ᠋ᠤ ᠱᠠᠭᠠᠷᠳᠠᠭᠳᠠᠬᠤ ᠪᠡᠯᠡᠳᢈᠡᠯ ᠠᠵᠢᠯ ᠳ᠋ᠤ ᠠᠩᠬᠠᠷᠴᠤ ᠮᠣᠩᠭᠣᠯ ᠣᠷᠤᠨ ᠤ᠋ ᠪᠠᠶᠢᠭᠠᠯᠢ᠂ ᠲᠡᠦᢈᠡ᠂ ᠰᠣᠶᠤᠯ ᠤ᠋ᠨ ᠳᠤᠷᠠᠰᠬᠠᠯᠲᠤ ᠵᠦᠢᠯ ᠢ᠋ ᠴᠤᠭᠯᠠᠭᠤᠯᠬᠤ᠂ ᠪᠦᠷᠢᠳᢈᠡᠯ ᠲᠣᠳᠤᠷᠬᠠᠶᠢᠯᠠᠯᠲᠠ ᠪᠢᠴᠢᢈᠦ ᠠᠵᠢᠯ ᠢ᠋ ᢉᠦᠢᠴᠡᠳᢈᠡᠵᠦ ᠪᠠᠶᠢᠭᠰᠠᠨ ᠨᠢ ᠲᠤᠰ ᠮᠦᠽᠧᠢ ᠶ᠋ᠢᠨ ᠡᢉᠦᠰᠦᠯ ᢈᠥᢉᠵᠢᠯ ᠦ᠋ᠨ ᠡᢈᠢᠯᠡᠯ ᠪᠣᠯᠵᠡᠢ᠃ ᠮᠦᠽᠧᠢ ᠶ᠋ᠢᠨ ᠦᠵᠡᠮᠦᠷᠢ ᠶ᠋ᠢᠨ ᠰᠠᠩ ᢈᠥᠮᠦᠷᢉᠡ ᠣᠯᠠᠨ ᠠᠷᠭ᠎ᠠ ᠵᠠᠮ ᠢ᠋ᠶᠠᠷ ᠪᠦᠷᠢᠯᠳᠦᠵᠦ ᠪᠠᠶᠢᠭᠰᠠᠨ ᠤ᠋ ᠨᠢᢉᠡᠨ ᠳ᠋ᠦ ᠮᠠᠨ ᠤ᠋ ᠣᠷᠤᠨ ᠳ᠋ᠤ ᠠᠵᠢᠯᠯᠠᠵᠤ ᠪᠠᠶᠢᠭᠰᠠᠨ ᠣᠷᠤᠰ-ᠵᠥᠪᠯᠡᠯᠲᠦ ᠶ᠋ᠢᠨ ᠪᠣᠯᠤᠨ ᠠᠮᠧᠷᠢᠻᠠ ᠶ᠋ᠢᠨ ᠬᠠᠶᠢᠭᠤᠯ ᠰᠢᠨᠵᠢᠯᠡᢉᠡᠨ ᠦ᠋ ᠠᠩᢉᠢ ᠶ᠋ᠢᠨ ᢈᠢᠨ ᠤ᠋ ᠣᠯᠳᠠᠪᠤᠷᠢ ᠴᠤᠭᠯᠠᠭᠤᠯᠭ᠎ᠠ ᠨᠤᠭᠤᠳ ᠪᠠᠭᠲᠠᠬᠤ ᠶᠤᠮ᠃ ᠠᠩᠬᠠᠨ ᠤ᠋ ᠮᠦᠽᠧᠢ ᠶ᠋ᠢᠨ ᠨᠡᢉᠡᢉᠡᠯᠲᠡ ᠶ᠋ᠢᠨ ᠡᠮᠦᠨ᠎ᠡ ᠫ᠃ ᠻ᠃ ᠻᠣᠽᠯᠣᠸ ᠤ᠋ᠨ ᠡᠷᠲᠡᠨ ᠦ᠋ ᠰᠤᠳᠤᠯᠤᠯ ᠤ᠋ᠨ ᠵᠦᠢᠯᠡᠰ ᠢ᠋ᠶᠡᠷ ᠪᠠᠶᠢᠭᠤᠯᠤᠭᠰᠠᠨ ᠦᠵᠡᠰᢈᠦᠯᠡᠩ ᠨᠢ ᠴᠤᠭᠯᠠᠭᠤᠯᠭ᠎ᠠ ᠶ᠋ᠢᠨ ᠪᠠᠶᠠᠵᠢᠯᠲᠠᠨ ᠳ᠋ᠤ ᠦᠨ᠎ᠡ ᠲᠡᠢ ᠬᠤᠪᠢ ᠨᠡᠮᠡᠷᠢ ᠪᠣᠯᠬᠤ ᠶ᠋ᠢᠨ ᠵᠡᠷᢉᠡᠴᠡᢉᠡ ᠮᠦᠽᠧᠢ ᠶ᠋ᠢᠨ ᠦᠵᠡᠰᢈᠦᠯᠡᠩ ᠢ᠋ ᠪᠠᠶᠢᠭᠤᠯᠵᠤ ᠳᠢᢉᠯᠡᢈᠦ ᠠᠷᠭ᠎ᠠ ᠪᠠᠷᠢᠯ ᠤ᠋ᠨ ᠬᠤᠪᠢ ᠳ᠋ᠤ ᠴᠤ ᠦᠯᠢᢉᠡᠷ ᠵᠢᠱᠢᠶ᠎ᠡ ᠪᠣᠯᠤᠭᠰᠠᠨ ᠪᠠᠶᠢᠨ᠎ᠠ᠃ ᠡᠯ᠎ᠡ ᠦᠵᠡᠰᢈᠦᠯᠡᠩ ᠢ᠋ ᠮᠣᠩᠭᠤᠯᠴᠤᠳ ᠶᠡᢈᠡᠳᠡ ᠰᠣᠨᠢᠷᠬᠠᠨ ᠦᠵᠡᠵᠦ ᠪᠠᠶᠢᠭᠰᠠᠨ ᠪᠥᢉᠡᠳ ᠨᠢᢉᠡ ᠵᠢᠯ ᠦ᠋ᠨ ᠳᠠᠷᠠᠭ᠎ᠠ ᠠᠯᠳᠠᠷ ᠲᠤ ᠵᠢᠭᠤᠯᠴᠢᠨ ᠷᠣᠢ ᠡᠨᠳᠡᠷᠢᠦᠰ ᠢ᠋ᠶᠠᠷ ᠤᠳᠤᠷᠢᠳᠤᠭᠤᠯᠤᠭᠰᠠᠨ ᠠᠨᠤ- ᠤ᠋ᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠡᠻᠰᠫᠧᠳᠢᠼ ᠦ᠋ᠨ ᢈᠢᠨ ᠦ᠋ ᠣᠯᠳᠠᠪᠤᠷᠢ ᠪᠠᠷ ᠨᠡᠮᠡᠨ ᠪᠠᠶᠠᠵᠢᠭᠤᠯᠵᠡᠢ᠃ ᠑᠙᠒᠖ ᠣᠨ ᠳ᠋ᠤ ᠵᠠᠰᠠᠭ ᠤ᠋ᠨ ᠭᠠᠵᠠᠷ ᠤ᠋ᠨ ᠲᠣᠭᠲᠠᠭᠠᠯ ᠢ᠋ᠶᠠᠷ ᠤᠯᠤᠰ ᠤ᠋ᠨ ᠮᠦᠽᠧᠢ ᠶ᠋ᠢ ᠪᠣᠭᠳᠠ ᠬᠠᠭᠠᠨ ᠤ᠋ ᠡᠪᠦᠯ ᠦ᠋ᠨ ᠣᠷᠳᠤᠨ ᠳ᠋ᠤ ᠥᠷᢉᠡᠳᢈᠡᠨ ᠪᠠᠶᠢᠭᠤᠯᠬᠤ ᠰᠢᠢᠳᠪᠦᠷᠢ ᠭᠠᠷᠭᠠᠭᠰᠠᠨ ᠤ᠋ ᠳᠠᠭᠠᠭᠤ ᠲᠤᠰ ᠣᠷᠳᠤᠨ ᠤ᠋ ᠥᠩᢉᠡ ᠪᠤᠳᠤᠭ ᠥᠷᠦᢉᠡ ᠲᠠᠰᠤᠯᠭ᠎ᠠ ᠶ᠋ᠢ ᠮᠦᠽᠧᠢ ᠶ᠋ᠢᠨ ᠵᠣᢈᠢᠶᠠᠨ ᠪᠠᠶᠢᠭᠤᠯᠤᠯᠲᠠ ᠳ᠋ᠤ ᠲᠣᢈᠢᠷᠠᠭᠤᠯᠤᠨ ᠵᠠᠰᠠᠵᠤ᠂ ᠦᠵᠡᠮᠦᠷᠢ ᠪᠡᠨ ᠲᠥᠷᠦᠯᠵᠢᢉᠦᠯᠦᠨ ᠠᠩᢉᠢᠯᠠᠵᠤ ᠳᠡᠯᢉᠡᠨ ᠲᠠᠯᠪᠢᠭᠰᠠᠨ ᠪᠠᠶᠢᠨ᠎ᠠ᠃ ᠤᠯᠤᠰ ᠤ᠋ᠨ ᠮᠦᠽᠧᠢ ᠦᠵᠡᠮᠦᠷᠢ ᠪᠡᠨ ᠑᠙᠔᠐-᠑᠙᠔᠑ ᠣᠨ ᠳ᠋ᠤ ᠳᠠᢈᠢᠨ ᠰᠢᠨᠡᠴᠢᠯᠡᠵᠦ᠂ ᠲᠡᠦᢈᠡ᠂ ᠪᠠᠶᠢᠭᠠᠯᠢ ᠶ᠋ᠢᠨ ᠦᠵᠡᠮᠦᠷᠢ ᠶ᠋ᠢᠨ ᠲᠣᠭᠲᠠᠯᠴᠠᠭ᠎ᠠ᠂ ᠳᠡᠰ ᠳᠠᠷᠠᠭᠠᠯᠠᠯ ᠢ᠋ ᠨᠡᠯᠢᠶᠡᠳ ᠥᢉᠡᠷᠡᠴᠢᠯᠡᠨ᠂ ᠰᠢᠨ᠎ᠡ ᠣᠯᠳᠠᠪᠤᠷᠢ ᠶ᠋ᠢ ᠨᠡᠮᠡᠨ ᠵᠠᠰᠠᠵᠤ ᠪᠠᠶᠢᠷᠢᠯᠠᠭᠤᠯᠤᠭᠰᠠᠨ ᠨᠢ ᠲᠤᠰ ᠮᠦᠽᠧᠢ ᠬᠣᠶᠠᠷ ᠳ᠋ᠠᢈᠢ ᠤᠳᠠᠭ᠎ᠠ ᠶ᠋ᠢᠨ ᠦᠵᠡᠮᠦᠷᠢ ᠰᠢᠨᠡᠴᠢᠯᠡᠯᠲᠡ ᠪᠡᠷ ᠢ᠋ᠶᠡᠨ ᠲᠡᠦᢈᠡ᠂ ᠤᠭᠰᠠᠭᠠᠲᠠᠨ ᠤ᠋ ᠵᠦᠢ᠂ ᠤᠷᠠᠯᠢᠭ᠂ ᠪᠠᠶᠢᠭᠠᠯᠢ ᠶ᠋ᠢᠨ ᠳᠤᠷᠠᠰᠬᠠᠯᠲᠤ ᠵᠦᠢᠯᠡᠰ ᠦ᠋ᠨ ᠴᠢᢉᠯᠡᠯ ᠢ᠋ᠶᠡᠷ ᠣᠯᠳᠠᠪᠤᠷᠢ ᠪᠠᠨ ᠤᠯᠠᠮ ᠪᠠᠶᠠᠵᠢᠭᠤᠯᠬᠤ᠂ ᠣᠷᠤᠨ ᠨᠤᠲᠤᠭ ᠰᠤᠳᠤᠯᠤᠯ ᠢ᠋ᠶᠠᠷ ᠨᠡᠯᠢᠶᠡᠳ ᠥᠷᢉᠡᠨ ᠴᠠᠷ ᢈᠦᠷᠢᠶ᠎ᠡ ᠲᠡᠢ ᠠᠵᠢᠯᠯᠠᠬᠤ ᠵᠣᠷᠢᠯᠲᠠ ᠳᠡᠪᠰᠢᢉᠦᠯᠦᢉᠰᠡᠨ ᢈᠡᠮᠡᠨ ᠦᠵᠡᢈᠦ ᠦᠨᠳᠦᠰᠦ ᠲᠡᠢ᠃ ᠡᠶᠢᠮᠦ ᠡᠴᠡ ᠑᠙᠔᠐ ᠣᠨ ᠠ᠋ᠴᠠ “ᠣᠷᠤᠨ ᠨᠤᠲᠤᠭ ᠰᠤᠳᠤᠯᠬᠤ ᠮᠦᠽᠧᠢ” ᢉᠡᠵᠦ ᠨᠡᠷᠡᠯᠡᢉᠳᠡᢈᠦ ᠪᠣᠯᠤᠭᠰᠠᠨ ᠪᠠᠶᠢᠨ᠎ᠠ᠃

᠑᠙᠕᠔-᠑᠙᠕᠖ ᠣᠨ ᠳ᠋ᠤ ᠪᠣᠭᠳᠠ ᠶ᠋ᠢᠨ ᠣᠷᠳᠤᠨ ᠳ᠋ᠤ ᠪᠠᠶᠢᠭᠰᠠᠨ ᠤᠯᠤᠰ ᠤ᠋ᠨ ᠮᠦᠽᠧᠢ ᠶ᠋ᠢ ᠡᠩ᠋ᢉᠧᠯᠰ ᠦ᠋ᠨ ᠭᠤᠳᠤᠮᠵᠢ ᠳ᠋ᠤ ᠪᠠᠷᠢᠭᠳᠠᠵᠤ ᠪᠠᠶᠢᠭ᠎ᠠ ᠰᠢᠨ᠎ᠡ ᠪᠠᠶᠢᠰᠢᠩ ᠳ᠋ᠤ ᠨᠡᢉᠦᠯᢉᠡᠨ᠂ ᠪᠠᠷᠢᠯᠭ᠎ᠠ ᠶ᠋ᠢ ᠮᠦᠽᠧᠢ ᠳ᠋ᠦ ᠨᠡᠶᠢᠴᠡᢉᠦᠯᠦᠨ ᠪᠠᠷᠢᠵᠤ ᠳᠠᠭᠤᠰᠬᠠᠬᠤ᠂ ᠦᠵᠡᠮᠦᠷᠢ ᠪᠡᠯᠡᠳᢈᠡᢈᠦ ᠲᠣᠨᠤᠭᠯᠠᠬᠤ᠂ ᠲᠠᠶᠢᠯᠪᠤᠷᠢ ᠰᠤᠳᠤᠯᠭ᠎ᠠ ᠶ᠋ᠢ ᠪᠣᠯᠪᠠᠰᠤᠷᠠᠭᠤᠯᠬᠤ᠂ ᠰᠢᠨ᠎ᠡ ᠲᠣᠨᠤᠭᠯᠠᠯ᠂ ᠰᠲ᠋ᠧᠨ᠋ᠳ᠋ – ᠳᠡᠯᢉᠡᠴᠡ ᠪᠡᠯᠡᠳᢈᠡᢈᠦ ᠠᠵᠢᠯ ᠢ᠋ ᠵᠡᠷᢉᠡᠴᠡᢉᠦᠯᠦᠨ ᢈᠢᠵᠦ ᠠᠮᠵᠢᠯᠲᠠ ᠲᠠᠢ ᠳᠠᠭᠤᠰᠬᠠᠨ ᠑᠙᠕᠖ ᠣᠨ ᠤ᠋ ᠳᠤᠮᠳᠠᠭᠤᠷ ᠮᠦᠽᠧᠢ ᠶ᠋ᠢ ᠨᠡᢉᠡᢉᠡᠵᠦ᠂ ᠲᠤᠰ ᠮᠦᠽᠧᠢ ᠶ᠋ᠢ “ᠤᠯᠤᠰ ᠤ᠋ᠨ ᠲᠥᠪ ᠮᠦᠽᠧᠢ” ᢉᠡᠵᠦ ᠨᠡᠷᠡᠯᠡᢈᠦ ᠪᠣᠯᠤᠭᠰᠠᠨ ᠪᠠᠶᠢᠨ᠎ᠠ᠃ ᠑᠙᠖᠐-᠑᠙᠙᠐-ᠡᢉᠡᠳᠡ ᠣᠨ ᠳ᠋ᠤ ᠪᠣᠭᠳᠠ ᠶ᠋ᠢᠨ ᠣᠷᠳᠤᠨ ᠮᠦᠽᠧᠢ᠂ ᠱᠠᠰᠢᠨ ᠤ᠋ ᠲᠡᠦᢈᠡ᠂ ᠤᠷᠠᠯᠢᠭ ᠤ᠋ᠨ ᠴᠣᠶᠢᠵᠤᠩ–ᠰᠦᠮ᠎ᠡ ᠮᠦᠽᠧᠢ᠂ ᠡᠷᠳᠡᠨᠢ-ᠵᠠᠭᠤ᠂ ᠠᠮᠤᠷᠪᠠᠶᠠᠰᠬᠤᠯᠠᠩᠲᠤ ᠵᠡᠷᢉᠡ ᠲᠡᠦᢈᠡ ᠤᠷᠠᠨ ᠪᠠᠷᠢᠯᠭ᠎ᠠ ᠶ᠋ᠢᠨ ᠲᠤᠰᠬᠠᠢ ᠳᠤᠷᠠᠰᠬᠠᠯ ᠤ᠋ᠨ ᠮᠦᠽᠧᠢ-ᠦᠵᠡᠮᠦᠷᠢ ᠶ᠋ᠢᠨ ᠭᠠᠵᠠᠷ ᠤ᠋ᠳ ᠤᠯᠤᠰ ᠤ᠋ᠨ ᠲᠥᠪ ᠮᠦᠽᠧᠢ ᠶ᠋ᠢᠨ ᠰᠠᠯᠪᠤᠷᠢ ᠨᠤᠭᠤᠳ ᠪᠣᠯᠤᠨ ᠠᠵᠢᠯᠯᠠᠭᠰᠠᠨ ᠲᠡᠦᢈᠡ ᠲᠡᠢ᠃ ᠪᠨᠮᠠᠭᠤ- ᠤ᠋ᠨ ᠵᠠᠰᠠᠭ ᠤ᠋ᠨ ᠭᠠᠵᠠᠷ ᠤ᠋ᠨ ᠳᠡᠷᢉᠡᠳᠡᢈᠢ ᠰᠣᠶᠤᠯ ᠤᠷᠠᠯᠢᠭ ᠤ᠋ᠨ ᢈᠥᢉᠵᠢᠯ ᠦ᠋ᠨ ᠬᠣᠷᠢᠶᠠᠨ ᠤ᠋ ᠳᠠᠷᠤᠭ᠎ᠠ ᠶ᠋ᠢᠨ ᠑᠙᠙᠑ ᠣᠨ ᠤ᠋ ᠐᠘ ᠳ᠋ᠤᠭᠠᠷ ᠰᠠᠷ᠎ᠠ ᠶ᠋ᠢᠨ ᠒᠓-ᠨᠤ ᠡᠳᠦᠷ ᠦ᠋ᠨ ᠒᠑᠔ ᠳ᠋ᠦ᠋ᢉᠡᠷ ᠲᠤᠰᠢᠶᠠᠯ ᠢ᠋ᠶᠠᠷ ᠤᠯᠤᠰ ᠤ᠋ᠨ ᠲᠥᠪ ᠮᠦᠽᠧᠢ ᠶ᠋ᠢᠨ ᠪᠠᠶᠢᠷᠢᠨ ᠳ᠋ᠤ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢ ᠪᠠᠶᠢᠭᠤᠯᠵᠤ᠂ ᠮᠦᠽᠧᠢ ᠶ᠋ᠢᠨ ᠵᠠᢈᠢᠷᠤᠯ ᠢ᠋ᠶᠠᠷ ᠠᠯᠲᠠᠨᢉᠡᠷᠡᠯ ᠦ᠋ᠨ ᠫᠡᠷᠯᠡᢉᠡ ᠶ᠋ᠢ᠂ ᠣᠷᠤᠯᠠᠭᠴᠢ ᠵᠠᢈᠢᠷᠤᠯ ᠢ᠋ᠶᠠᠷ ᠫᠤᠨᠴᠤᠭ ᠤ᠋ᠨ ᠡᠷᠳᠡᠮᠪᠠᠲᠤ ᠶ᠋ᠢ ᠲᠣᠮᠢᠯᠠᠭᠰᠠᠨ ᠪᠠᠶᠢᠨ᠎ᠠ᠃ ᠑᠙᠙᠓ ᠣᠨ ᠳ᠋ᠤ ᠣᠷᠤᠯᠠᠭᠴᠢ ᠵᠠᢈᠢᠷᠤᠯ ᠫᠤᠨᠴᠤᠭ ᠤ᠋ᠨ ᠡᠷᠳᠡᠮᠪᠠᠲᠤ ᠶ᠋ᠢ ᠮᠦᠽᠧᠢ ᠶ᠋ᠢᠨ ᠵᠠᢈᠢᠷᠤᠯ ᠢ᠋ᠶᠠᠷ ᠲᠣᠮᠢᠯᠠᠵᠡᠢ᠃ ᠫ‍᠂ ᠡᠷᠳᠡᠮᠪᠠᠲᠤ ᠑᠒ ᠵᠢᠯ ᠦ᠋ᠨ ᠲᠤᠷᠰᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢ ᠠᠩᠬᠠᠨ ᠠ᠋ᠴᠠ ᠨᠢ ᠪᠡᠶ᠎ᠡ ᠳᠠᠭᠠᠭᠠᠨ ᠪᠠᠶᠢᠭᠤᠯᠬᠤ᠂ ᠰᠠᠩ ᢈᠥᠮᠦᠷᢉᠡ ᠶ᠋ᠢ ᠠᠷᠪᠢᠵᠢᠭᠤᠯᠬᠤ᠂ ᠮᠡᠷᢉᠡᠵᠢᠯ ᠦ᠋ᠨ ᠪᠣᠯᠪᠠᠰᠤᠨ ᢈᠦᠴᠦᠨ ᠢ᠋ ᠪᠡᠯᠡᠳᢈᠡᢈᠦ᠂ ᠦᠵᠡᠮᠦᠷᠢ ᠦᠵᠡᢉᠦᠯᠦᠯᢉᠡ ᠳᠢᢉᠯᠡᠯᠲᠡ ᠶ᠋ᠢ ᠰᠢᠨ᠎ᠡ ᠱᠠᠲᠤᠨ ᠳ᠋ᠤ ᠭᠠᠷᠭᠠᠬᠤ ᠠᠵᠢᠯ ᠢ᠋ ᠤᠳᠤᠷᠢᠳᠤᠨ ᠠᠵᠢᠯᠯᠠᠭᠰᠠᠨ ᠪᠠᠶᠢᠨ᠎ᠠ᠃

᠒᠐᠐᠕-᠒᠐᠒᠑ ᠣᠨ ᠳ᠋ᠤ ᠮᠦᠽᠧᠢ ᠶ᠋ᠢᠨ ᠵᠠᢈᠢᠷᠤᠯ ᠢ᠋ᠶᠠᠷ ᠨ᠃ ᠵᠣᠷᠢᠭᠲᠤᠪᠠᠭᠠᠲᠤᠷ ᠠᠵᠢᠯᠯᠠᠵᠤ ᠡᠨᠡ ᠬᠤᠭᠤᠴᠠᠭᠠᠨ ᠳ᠋ᠤ ᠲᠤᠰ ᠮᠦᠽᠧᠢ ᠨᠢ ᠪᠨᠰᠦ- ᠤ᠋ᠨ ᠰᠢᠨᠵᠢᠯᠡᢈᠦ ᠤᠬᠠᠭᠠᠨ ᠤ᠋ ᠲᠡᠦᢈᠡ ᠶ᠋ᠢᠨ ᠮᠦᠽᠧᠢ᠂ ᠬᠤᠸᠠᠰᠣᠨ᠋ ᠬᠣᠲᠠ ᠶ᠋ᠢᠨ ᠪᠣᠯᠤᠨ ᠴᠧᠵᠦᠳᠦ᠋ ᠶ᠋ᠢᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ ᠴᠠᠨᠵᠤᠭ ᠤ᠋ᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ ᠪᠢᠣᠯᠣᢉᠢ ᠶ᠋ᠢᠨ ᠪᠣᠯᠤᠨ ᠪᠢᠣᠲᠧᠻᠨᠣᠯᠣᢉᠢ ᠶ᠋ᠢᠨ ᢈᠦᠷᠢᠶᠡᠯᠡᠩ ᠦ᠋ᠳ᠂ ᠶᠠᠫᠣᠨ᠋ ᠤᠯᠤᠰ ᠤ᠋ᠨ ᠠᠵᠠᠪᠤ ᠶᠡᢈᠡ ᠰᠤᠷᠭᠠᠭᠤᠯᠢ᠂ ᠲᠣᠶᠤᠭᠠᠻᠠ ᠬᠣᠲᠠ ᠶ᠋ᠢᠨ ᠮᠦᠽᠧᠢ᠂ ᠪᠩᠬᠠᠤ-ᠶᠤᠨ ᠪᠡᢉᠡᠵᠢᠩ ᠦ᠋ᠨ ᠪᠣᠯᠤᠨ ᠲᠶᠠᠨᠢᠵᠢᠨ ᠤ᠋ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ ᠪᠧᠯᢉᠢ᠂ ᠹᠷᠠᠨ᠋ᠼ ᠤ᠋ᠨ ᠰᠢᠨᠵᠢᠯᠡᢈᠦ ᠤᠬᠠᠭᠠᠨ ᠤ᠋ ᠮᠦᠽᠧᠢ᠂ ᠢᠲ᠋ᠠᠯᠢ ᠶ᠋ᠢᠨ ᠮᠢᠯᠠᠨ᠋ ᠬᠣᠲᠠ ᠶ᠋ᠢᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ᠣᠬᠤ- ᠤ᠋ᠨ ᠨᠣᠸᠣᠰᠢᠪᠢᠷᠰᠻ ᠦ᠋ᠨ ᠮᠦᠽᠧᠢ ᠶ᠋ᠢᠨ ᠨᠢᢉᠡᠳᠦᠯ ᠵᠡᠷᢉᠡ ᠣᠯᠠᠨ ᠮᠦᠽᠧᠢ ᠲᠡᠢ ᠬᠠᠮᠲᠤ ᠶ᠋ᠢᠨ ᠠᠵᠢᠯᠯᠠᠭᠠᠨ ᠤ᠋ ᢉᠡᠷ᠎ᠡ ᠪᠠᠶᠢᠭᠤᠯᠤᠨ ᠠᠵᠢᠯ ᠤ᠋ᠨ ᠲᠤᠷᠰᠢᠯᠭ᠎ᠠ ᠰᠣᠯᠢᠯᠴᠠᠵᠤ᠂ ᠪᠣᠯᠪᠠᠰᠤᠨ ᢈᠦᠴᠦᠨ ᠢ᠋ᠶᠡᠨ ᠰᠤᠷᠭᠠᠵᠤ ᠳᠠᠳᠤᠯᠭᠠᠵᠢᠭᠤᠯᠬᠤ᠂ ᠦᠵᠡᠰᢈᠦᠯᠡᠩ ᠭᠠᠷᠭᠠᠬᠤ᠂ ᠰᠤᠳᠤᠯᠭ᠎ᠠ ᠰᠢᠨᠵᠢᠯᠡᢉᠡ ᢈᠢᢈᠦ ᠴᠢᢉᠯᠡᠯ ᠦ᠋ᠳ ᠢ᠋ᠶᠡᠷ ᠬᠠᠮᠲᠤᠷᠠᠨ ᠠᠵᠢᠯᠯᠠᠵᠡᠢ᠃ ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠑᠙ ᠣᠨ ᠤ᠋ ᠐᠗ ᠳ᠋ᠤᠭᠠᠷ ᠰᠠᠷ᠎ᠠ ᠶ᠋ᠢᠨ ᠐᠓- ᠤ᠋ ᠡᠳᠦᠷ ᠦ᠋ᠨ “ᠮᠦᠽᠧᠢ ᠨᠢᢉᠡᠳᢈᠡᠨ ᠵᠣᢈᠢᠶᠠᠨ ᠪᠠᠶᠢᠭᠤᠯᠬᠤ ᠲᠤᠬᠠᠢ” ᠒᠘᠑ ᠳ᠋᠋ᠦ᠋ᢉᠡᠷ ᠲᠣᠭᠲᠠᠭᠠᠯ ᠢ᠋ᠶᠠᠷ ᠦᠯᠦᢉ ᢉᠦᠷᠪᠡᠯ ᠦ᠋ᠨ ᠲᠥᠪ ᠮᠦᠽᠧᠢ ᠶ᠋ᠢ ᠲᠠᠲᠠᠨ ᠪᠠᠭᠤᠯᠭᠠᠵᠤ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠳ᠋ᠦ ᠨᠢᢉᠡᠳᢈᠡᠨ ᠵᠣᢈᠢᠶᠠᠨ ᠪᠠᠶᠢᠭᠤᠯᠤᠭᠰᠠᠨ ᠶᠤᠮ᠃ ᠒᠐᠒᠒ ᠣᠨ ᠠ᠋ᠴᠠ ᠲᠤᠰ ᠮᠦᠽᠧᠢ ᠶ᠋ᠢᠨ ᠵᠠᢈᠢᠷᠤᠯ ᠢ᠋ᠶᠠᠷ ᠢ‍᠂ ᠪᠤᠳᠪᠠᠶᠠᠷ ᠲᠣᠮᠢᠯᠠᠭᠳᠠᠨ ᠠᠵᠢᠯᠯᠠᠵᠤ ᠪᠠᠶᠢᠭ᠎ᠠ ᠪᠥᢉᠡᠳ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠦᠶᠢᠯᠡ ᠠᠵᠢᠯᠯᠠᠭ᠎ᠠ ᠤᠯᠠᠮ ᠥᠷᢉᠡᠵᠢᠵᠦ᠂ ᠒᠐᠒᠒-᠒᠐᠒᠓ ᠣᠨ ᠳ᠋ᠤ ᠪᠠᠶᠢᠩᠭᠤ ᠶ᠋ᠢᠨ ᠦᠵᠡᢉᠦᠯᠦᠯᢉᠡ ᠶ᠋ᠢᠨ ᠲᠠᠩᢈᠢᠮ ᠤ᠋ᠳ ᠢ᠋ ᠰᠢᠨᠡᠴᠢᠯᠡᠨ ᠪᠣᠯᠤᠨ ᠰᠢᠨ᠎ᠡ ᠪᠡᠷ ᠳᠢᢉᠯᠡᠵᠦ ᠠᠰᠢᠭᠯᠠᠯᠲᠠᠨ ᠳ᠋ᠤ ᠣᠷᠤᠭᠤᠯᠤᠨ ᠦᠵᠡᢉᠴᠢ ᠣᠯᠠᠨ ᠳ᠋ᠤ ᠪᠠᠨ ᠦᠶᠢᠯᠡᠴᠢᠯᠡᠵᠦ ᠪᠠᠶᠢᠨ᠎ᠠ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ