“ᠪᠠᠶᠢᠭᠠᠯᠢ ᠶ᠋ᠢᠨ ᠥᠪ ᠰᠤᠳᠤᠯᠤᠯ” ᠡᠷᠳᠡᠮ ᠰᠢᠨᠵᠢᠯᠡᢉᠡᠨ ᠦ᠋ ᠪᠦᠲᠦᢉᠡᠯ
“ᠪᠠᠶᠢᠭᠠᠯᠢ ᠶ᠋ᠢᠨ ᠥᠪ ᠰᠤᠳᠤᠯᠤᠯ” ᠡᠷᠳᠡᠮ ᠰᠢᠨᠵᠢᠯᠡᢉᠡᠨ ᠦ᠋ ᠪᠦᠲᠦᢉᠡᠯ ᠢ᠋ ᠒᠐᠑᠔ ᠣᠨ ᠠ᠋ᠴᠠ ᠡᢈᠢᠯᠡᠨ ᠡᠷᢈᠢᠯᠡᠨ ᢈᠡᠪᠯᠡᢉᠦᠯᠵᠦ ᠪᠠᠶᠢᠨᠠ᠃ ᠠᠩᠬᠠᠨ ᠤ᠋ ᠳ᠋ᠤᠭᠠᠷ ᠨᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᢉᠧᠣᠯᠣᢉᠢ᠂ ᠤᠷᠭᠤᠮᠠᠯ᠂ ᠰᠢᠪᠠᠵᠢ᠂ ᠵᠢᠭᠠᠰᠤ ᠬᠣᠶᠠᠷᠨᠤᠲᠤᠭᠲᠠᠨ ᠮᠥᠯᢈᠦᢉᠴᠢ᠂ ᠰᠢᠪᠠᠭᠤ᠂ ᢈᠥᢈᠦᠲᠡᠨ ᠠᠮᠢᠲᠠᠨ ᠤ᠋ ᠰᠠᠩ ᢈᠥᠮᠦᠷᢉᠡ ᠳ᠋ᠦ ᠬᠠᠳᠠᠭᠠᠯᠠᠭᠳᠠᠵᠤ ᠪᠤᠢ ᠴᠤᠭᠯᠠᠭᠤᠯᠭᠠ ᠶ᠋ᠢᠨ ᠰᠤᠳᠤᠯᠭᠠ᠂ᠬᠣᠶᠠᠷ ᠳ᠋ᠠᢈᠢ ᠳ᠋ᠤᠭᠠᠷ ᠨᠢ ᠤᠯᠤᠰ ᠤ᠋ᠨ ᠲᠥᠪ ᠮᠦᠽᠧᠢ ᠶ᠋ᠢᠨ ᠪᠠᠶᠢᠭᠠᠯᠢ ᠶ᠋ᠢᠨ ᠲᠠᠰᠤᠭ ᠤ᠋ᠨ ᠡᠷᠳᠡᠮ ᠰᠢᠨᠵᠢᠯᠡᢉᠡᠨ ᠦ᠋ ᠠᠵᠢᠯᠲᠠᠨ ᠰ᠂ ᠴᠠᠭᠠᠨ ᠤ᠋ ᠰᠤᠳᠤᠯᠭᠠᠨ ᠤ᠋ ᠠᠵᠢᠯ ᠤ᠋ᠨ ᠲᠡᠦᢈᠡ᠂ ᠴᠤᠭᠯᠠᠭᠤᠯᠭᠠ ᠶ᠋ᠢᠨ ᠰᠤᠳᠤᠯᠭᠠ᠂ ᠭᠤᠷᠪᠠ ᠳ᠋ᠠᢈᠢ ᠳ᠋ᠤᠭᠠᠷ ᠨᠢ ᠤᠯᠤᠰ ᠤ᠋ᠨ ᠲᠥᠪ ᠮᠦᠽᠧᠢ ᠶ᠋ᠢᠨ ᠴᠢᢈᠢᠮᠡᠯᠴᠢᠨ ᠯᠠ᠂ᠴᠡᠪᠡᠯ᠂ ᠳ᠂ ᠳᠠᢉᠢᠮᠠ᠂ ᠵ᠂ ᠴᠣᠭᠲᠤᠪᠠᠶᠠᠷ ᠨᠠᠷ ᠤ᠋ᠨ ᠴᠤᠭᠯᠠᠭᠤᠯᠭᠠ᠂ ᠪᠦᠲᠦᢉᠡᠯ ᠦ᠋ᠨ ᠰᠤᠳᠤᠯᠭᠠ᠂ᠳᠥᠷᠪᠡ ᠳ᠋ᠡᢈᠢ ᠳ᠋ᠤᠭᠠᠷ ᠨᠢ ᠤᠯᠤᠰ ᠤ᠋ᠨ ᠲᠥᠪ ᠮᠦᠽᠧᠢ ᠶ᠋ᠢᠨ ᠪᠠᠶᠢᠭᠠᠯᠢ ᠶ᠋ᠢᠨ ᠲᠠᠰᠤᠭ ᠤ᠋ᠨ ᠡᠷᢈᠢᠯᠡᢉᠴᠢ ᠨ᠂ᠳᠠᠷᠢᠰᠦ᠋ᠷᠦᠩ᠂ ᠡᠷᠳᠡᠮ ᠰᠢᠨᠵᠢᠯᠡᢉᠡᠨ ᠦ᠋ ᠠᠵᠢᠯᠲᠠᠨ ᠭ᠂ ᠴᠡᠷᠢᠩᠳᠣᠯᠭᠠᠷ ᠨᠠᠷ ᠤ᠋ᠨ ᠬᠠᠷᠢᠭᠤᠴᠠᠨ ᠠᠵᠢᠯᠯᠠᠵᠤ ᠪᠤᠢ ᠪᠣᠯᠭᠠᠭᠰᠠᠨ ᠪᠠᠶᠢᠭᠠᠯᠢ ᠶ᠋ᠢᠨ ᠰᠠᠩ ᢈᠥᠮᠦᠷᢉᠡ ᠶ᠋ᠢᠨ ᠨᠢᢉᠡ ᢈᠡᠰᠡᢉ ᠪᠣᠯᠬᠤ ᢈᠥᢈᠦᠲᠡᠨ ᠠᠮᠢᠲᠠᠨ ᠤ᠋ ᠰᠠᠩ ᢈᠥᠮᠦᠷᢉᠡ ᠶ᠋ᠢᠨ ᠴᠤᠭᠯᠠᠭᠤᠯᠭᠠ ᠶ᠋ᠢᠨ ᠰᠤᠳᠤᠯᠭᠠᠨ ᠤ᠋ ᠦᠷᠡ ᠳ᠋ᠦᠩ ᠢ᠋ᠶᠡᠷ ᠲᠤᠰ ᠲᠤᠰ ᢈᠡᠪᠯᠡᢉᠳᠡᠨ ᠭᠠᠷᠤᠭᠰᠠᠨ᠃ ᠲᠠᠪᠤ ᠳ᠋ᠠᢈᠢ ᠳ᠋ᠤᠭᠠᠷ ᠠ᠋ᠴᠠ ᠡᢈᠢᠯᠡᠨ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠰᠤᠳᠤᠯᠤᠭᠠᠴᠢᠳ ᠲᠤ ᠨᠡᢉᠡᢉᠡᠯᠲᠡᠲᠡᠢ᠂ ᠥᠷᢉᠡᠨ ᢈᠦᠷᠢᠶᠡᠨ ᠳ᠋ᠦ ᠦᢉᠦᠯᠡᠯ ᠤ᠋ᠳ ᠢ᠋ ᢈᠦᠯᠢᠶᠡᠨ ᠠᠪᠴᠤ᠂ ᢈᠡᠪᠯᠡᠵᠦ ᠪᠠᠶᠢᠨᠠ᠃ ᠲᠠ ᠪᠦᢈᠦᠨ ᠳᠣᠣᠷᠠᢈᠢ ᠴᠢᢉᠯᠡᠯ ᠢ᠋ᠶᠡᠷ ᠥᢉᠦᠯᠡᠯ ᠢ᠋ᠶᠡᠨ ᠵᠢᠯ ᠪᠦᠷᠢ ᠶ᠋ᠢᠨ ᠐᠑᠂᠐᠑-᠑᠐᠂᠐᠑- ᠶ᠋ᠢᠨ ᠬᠣᠭᠤᠷᠤᠨᠳᠤ baigaliinuv᠃ nhm@gmail᠃ com ᠬᠠᠶ᠋ᠢᠭ ᠢ᠋ᠶᠠᠷ ᠢᠯᠡᢉᠡᠨᠡ ᠦᠦ᠃ ᠡᠷᠳᠡᠮ ᠰᠢᠨᠵᠢᠯᠡᢉᠡᠨ ᠦ᠋ ᠥᢉᠦᠯᠡᠯ ᢈᠦᠯᠢᠶᠡᠵᠦ ᠠᠪᠬᠤ ᠴᠢᢉᠯᠡᠯ:
ᠮᠦᠽᠧᠢ ᠶ᠋ᠢᠨ ᠴᠤᠭᠯᠠᠭᠤᠯᠭᠠ ᠶ᠋ᠢᠨ ᠰᠤᠳᠤᠯᠭᠠ – Museum collection studies
ᠪᠢᠣᠯᠣᢉᠢ ᠶ᠋ᠢᠨ ᠲᠥᠷᠦᠯ ᠵᠦᠢᠯ ᠦ᠋ᠨ ᠰᠤᠳᠤᠯᠭᠠ᠂ᠬᠠᠮᠠᠭᠠᠯᠠᠯ – Biodiversity studies and Conservation
ᠫᠠᠯᠧᠨ᠋ᠲ᠋ᠣᠯᠣᢉᠢ – Paleontology
ᢉᠧᠣᠯᠤᢉᠢ᠂ ᠭᠠᠵᠠᠷᠵᠦᠢ – Geology and Geography studies