ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ

᠒᠐᠒᠕ᠤᠨ ᠑᠐ᠰᠠᠷ᠎ᠠ ᠶᠢᠨ ᠓

ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ ᠨᠢ ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠯᠪᠡᠷᠢ ᠪᠡᠷ ᠶᠧᠪᠰ᠂ ᠰᠥᠪ᠂ ᠢᠳᠡᠰ-ᠡᠶᠢᠨ ᢈᠢᠴᠢᠶᠡᠯ ᠦ᠋ᠨ ᠠᠭᠤᠯᠭ᠎ᠠ ᠳ᠋ᠤ ᠨᠡᠶᠢᠴᠡᢉᠦᠯᠦᠨ ᠮᠦᠽᠧᠢ ᠶ᠋ᠢᠨ ᠦᠵᠡᠮᠦᠷᠢ ᠳ᠋ᠦ ᠲᠦᠰᠢᢉᠯᠡᠨ ᠮᠣᠩᠭᠣᠯ ᠣᠷᠤᠨ ᠤ᠋ ᠵᠡᠷᠯᠢᢉ ᠠᠩ ᠠᠮᠢᠲᠠᠨ᠂ ᠤᠷᠭᠤᠮᠠᠯ᠂ ᠡᠷᠲᠡᠨ ᠦ᠋ ᠠᠮᠢᠲᠠᠳ ᠤ᠋ᠨ ᠬᠣᠪᠤᠷ ᠣᠯᠳᠠᠪᠤᠷᠢ ᠨᠤᠭᠤᠳ ᠤ᠋ᠨ ᠲᠠᠯᠠᠭᠠᠷᢈᠢ ᠰᠢᠨᠵᠢᠯᠡᢈᠦ ᠤᠬᠠᠭᠠᠨᠴᠢ ᠲᠠᠨᠢᠨ ᠮᠡᠳᠡᢈᠦᠢ ᠶ᠋ᠢᠨ ᠮᠡᠳᠡᠯᢉᠡ ᠣᠯᠭᠤᠬᠤ ᠠ᠋ᠴᠠ ᠭᠠᠳᠠᠨ᠎ᠠ ᠮᠣᠩᠭᠣᠯ ᠤ᠋ᠨ ᠰᠣᠶᠤᠯ ᠤ᠋ᠨ ᠥᠪ ᠦ᠋ᠨ ᠰᠢᠨᠵᠢᠯᠡᢈᠦ ᠤᠬᠠᠭᠠᠨ᠂ ᠰᠣᠶᠤᠯ ᠤ᠋ᠨ ᠪᠡᠶᠡᠲᠦ ᠪᠤᠰᠤ ᠥᠪ᠂ ᠰᠣᠶᠤᠯ ᠤ᠋ᠨ ᠰᠠᠯᠪᠤᠷᠢ ᠳ᠋ᠠᢈᠢ ᢈᠡᠦᢈᠡᠳ ᠬᠠᠮᠠᠭᠠᠯᠠᠯ᠂ ᠪᠦᢈᠦ ᠨᠡᠶᠢᠲᠡ ᠶ᠋ᠢᠨ ᠰᠣᠶᠤᠯ ᠤ᠋ᠨ ᠪᠣᠯᠪᠠᠰᠤᠷᠠᠯ ᠣᠯᠭᠤᠬᠤ ᠰᠣᠶᠤᠨ ᢉᠡᢉᠡᠷᠡᢉᠦᠯᢈᠦ ᠳ᠋ᠦ ᠴᠢᢉᠯᠡᢉᠰᠡᠨ ᠪᠠᠶᠢᠳᠠᠭ ᠢ᠋ᠶᠠᠷ ᠢ᠋ᠶᠠᠨ ᠣᠨᠴᠠᠯᠢᠭ ᠶᠤᠮ᠃ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠨᠢ ᠪᠠᠶᠢᠭᠠᠯᠢ᠂ ᠰᠣᠶᠤᠯ᠂ ᠰᠣᠶᠤᠯ ᠤ᠋ᠨ ᠪᠡᠶᠡᠲᠦ ᠪᠤᠰᠤ ᠥᠪ ᠦ᠋ᠨ ᠲᠤᠬᠠᠢ ᠮᠡᠳᠡᠯᢉᠡ ᠣᠯᠭᠤᠬᠤ ᠑᠑ ᢈᠥᠲᠦᠯᠪᠦᠷᠢ ᠲᠡᠢ ᠡᠴᠡ ᠡᠨᠡ ᠤᠳᠠᠭ᠎ᠠ ᠳᠣᠣᠷᠠᢈᠢ ᢈᠥᠲᠦᠯᠪᠦᠷᠢ ᠨᠦ᠋ᢉᠦᠳ ᠢ᠋ ᠲᠠᠨᠢᠯᠴᠠᠭᠤᠯᠵᠤ ᠪᠠᠶᠢᠨ᠎ᠠ᠃ “ᠠᠮᠢᠲᠠᠳ ᠤ᠋ᠨ ᠮᠥᠷ”
ᠠᠭᠤᠯᠭ᠎ᠠ: ᠮᠣᠩᠭᠣᠯ ᠣᠷᠤᠨ ᠤ᠋ ᠵᠡᠷᠯᠢᢉ ᠠᠩ ᠠᠮᠢᠲᠠᠳ ᠤ᠋ᠨ ᠠᠮᠢᠳᠤᠷᠠᠬᠤ ᠣᠷᠴᠢᠨ᠂ ᠠᠮᠢᠳᠤᠷᠠᠯ ᠤ᠋ᠨ ᠣᠨᠴᠠᠯᠢᠭ ᠪᠣᠯᠤᠨ ᠠᠮᠢᠲᠠᠳ ᠤ᠋ᠨ ᠪᠠᠶᠢᠭᠠᠯᠢ ᠳᠡᢉᠡᠷ᠎ᠡ ᠦᠯᠡᠳᠡᢉᠡᠳᠡᢉ ᠤᠯᠠ ᠮᠥᠷ ᠢ᠋ ᠲᠠᠨᠢᠵᠤ ᠮᠡᠳᠡᢈᠦ ᠨᠢ ᠠᠩᢉᠢ ᠶ᠋ᠢᠨ ᠮᠥᠷ ᠢ᠋ᠶᠡᠷ ᠰᠢᠨᠵᠢᢈᠦ ᠰᠣᠶᠤᠯ ᠤ᠋ᠨ ᠪᠡᠶᠡᠲᠦ ᠪᠤᠰᠤ ᠥᠪ ᠲᠡᠢ ᠲᠠᠨᠢᠯᠴᠠᠬᠤ ᠨᠢᢉᠡᠨ ᠲᠦᠯᢈᠢᢉᠦᠷ ᠪᠣᠯᠵᠤ ᠥᢉᠳᠡᢉ᠃ ᠠᠩᢉᠢᠯᠠᠯ: ᠰᠡᠪᠡ- ᠤ᠋ᠨ ᠠᠬᠠᠯᠠᠬᠤ᠂ ᠪᠡᠯᠡᠳᢈᠡᠯ ᠪᠦᠯᠦᢉ ᢈᠡᠯᠪᠡᠷᠢ: ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᠓ᠳᠠ ᠪᠠᠷᠢᠮᠠᠯ ᠤ᠋ᠨ ᠰᠢᠪᠠᠷ ᠒᠃ “ᠪᠢᠴᠢᠬᠠᠨ ᠫᠠᠯᠧᠨ᠋ᠲ᠋ᠣᠯᠣᢉᠢᠴᠢ”

ᠠᠭᠤᠯᠭ᠎ᠠ: ᠫᠠᠯᠧᠨ᠋ᠲ᠋ᠣᠯᠣᢉᠢ ᠶ᠋ᠢᠨ ᠰᠢᠨᠵᠢᠯᠡᢈᠦ ᠤᠬᠠᠭᠠᠨ ᠲᠡᠷᠡ ᠳᠤᠮᠳᠠ ᠪᠠᠨ ᠫᠠᠯᠧᠨ᠋ᠲ᠋ᠣᠯᠣᢉᠢᠴᠢ ᠶ᠋ᠢᠨ ᠲᠤᠬᠠᠢ ᠣᠶᠢᠯᠠᠭᠠᠯᠲᠠ ᠥᢉᠴᠦ ᠮᠣᠩᠭᠣᠯ ᠣᠷᠤᠨ ᠤ᠋ ᠨᠤᠲᠤᠭ ᠳᠡᠪᠢᠰᢈᠡᠷ ᠳᠡᢉᠡᠷ᠎ᠡ ᠒᠕᠒ ᠰᠠᠶ᠋ᠢ ᠵᠢᠯ ᠦ᠋ᠨ ᠡᠮᠦᠨ᠎ᠡ ᠠᠮᠢᠳᠤᠷᠠᠵᠤ ᠪᠠᠶᠢᠭᠰᠠᠨ ᠠᠪᠤᠷᠭᠤ ᠪᠡᠶᠡᠲᠦ ᠦᠯᠦᢉ ᢉᠦᠷᠪᠡᠯ ᠦ᠋ᠳ ᠦ᠋ᠨ ᠠᠩᢉᠢᠯᠠᠯ᠂ ᠲᠡᠳᠡᢉᠡᠷ ᠦ᠋ᠨ ᠣᠯᠳᠠᠪᠤᠷᠢᠲᠤ ᠲᠦᠰᠢᢉᠯᠡᢉᠰᠡᠨ ᠰᠣᠨᠢᠷᠬᠠᠯᠲᠠᠢ ᠮᠡᠳᠡᢉᠡᠯᠡᠯ ᠣᠯᠭᠠᠬᠤ ᢈᠥᠲᠦᠯᠪᠦᠷᠢ᠃ ᠠᠩᢉᠢᠯᠠᠯ: ᠰᠡᠪᠡ- ᠤ᠋ᠨ ᠠᠬᠠᠯᠠᠬᠤ᠂ ᠪᠡᠯᠡᠳᢈᠡᠯ ᠪᠦᠯᠦᢉ᠂ ᠶᠧᠪᠰ-ᠡᠶᠢᠨ ᠑-᠖ ᠳ᠋ᠤᠭᠠᠷ ᠠᠩᢉᠢ ᢈᠡᠯᠪᠡᠷᠢ: ᠲᠠᠩᢈᠢᠮ ᠤ᠋ᠨ ᠪᠣᠯᠤᠨ ᠲᠠᠩᢈᠢᠮ ᠤ᠋ᠨ ᠪᠤᠰᠤ ᢈᠡᠷᠡᢉᠯᠡᢉᠳᠡᢈᠦᠨ: ᠲᠠᠷᠠᠭᠠᠬᠤ ᠮᠠᠲ᠋ᠧᠷᠢᠠᠯ᠂ ᠦᠯᠢᢉᠡᠷᠴᠢᠯᠡᢉᠰᠡᠨ ᠵᠠᠭᠪᠤᠷ ᠓᠃ “ᠪᠢᠴᠢᠬᠠᠨ ᠪᠠᠶᠢᠭᠠᠯᠢ ᠬᠠᠮᠠᠭᠠᠯᠠᠭᠴᠢ”

ᠠᠭᠤᠯᠭ᠎ᠠ: ᠳᠡᠯᠡᢈᠡᠢ ᠶ᠋ᠢᠨ ᠵᠡᠷᠯᠢᢉ ᠠᠩ ᠠᠮᠢᠲᠠᠨ᠂ ᠤᠷᠭᠤᠮᠠᠯ ᠬᠠᠮᠠᠭᠠᠯᠠᠬᠤ ᠣᠯᠠᠨ ᠤᠯᠤᠰ ᠤ᠋ᠨ ᠡᠳᠦᠷ ᠲᠦ ᠵᠣᠷᠢᠭᠤᠯᠤᠨ ᢈᠡᠷᠡᢉᠵᠢᢉᠦᠯᠵᠦ ᠡᢈᠢᠯᠡᢉᠰᠡᠨ ᠡᠨᠡ ᢈᠦ ᢈᠥᠲᠦᠯᠪᠦᠷᠢ ᠨᠢ ᠮᠣᠩᠭᠣᠯ ᠣᠷᠤᠨ ᠤ᠋ ᠬᠣᠪᠤᠷ᠂ ᠨᠡᠩ ᠬᠣᠪᠤᠷ᠂ ᠤᠰᠠᠳᠬᠤ᠂ ᠤᠰᠠᠳᠴᠤ ᠪᠤᠢ ᠠᠩᢉᠢᠯᠠᠯ ᠳ᠋ᠤ ᠣᠷᠤᠭᠰᠠᠨ ᠠᠮᠢᠲᠠᠳ ᠢ᠋ ᠬᠠᠶᠢᠷᠠᠯᠠᠨ ᠬᠠᠮᠠᠭᠠᠯᠠᠬᠤ᠂ᠮᠥᠨ ᠲᠡᢉᠦᠨᠴᠢᠯᠡᠨ ᠪᠠᠶᠢᠭᠠᠯᠢ ᠡᢈᠡ ᠳᠡᠯᠡᢈᠡᠢ ᠪᠡᠨ ᠬᠠᠮᠠᠭᠠᠯᠠᠬᠤ ᠶ᠋ᠢᠨ ᠠᠴᠢ ᠬᠣᠯᠪᠤᠭᠳᠠᠯ᠂ ᠬᠣᠭ ᠬᠠᠶᠠᠭᠳᠠᠯ ᠢ᠋ ᠢᠯᠡ ᠵᠠᠳᠠᠭᠠᠢ ᠬᠠᠶᠠᠬᠤ ᠬᠣᠣᠷ ᠤᠷᠰᠢᠭ ᠤ᠋ᠨ ᠲᠠᠯᠠᠭᠠᠷ ᠲᠠᠨᠢᠭᠤᠯᠬᠤ᠂ ᠪᠠᠶᠢᠭᠠᠯᠢ ᠳ᠋ᠤ ᠡᢉᠡᠯᠢ ᠲᠡᠢ ᠢᠷᢉᠡᠨ ᠢ᠋ ᢈᠦᠮᠦᠵᠢᢉᠦᠯᢈᠦ ᠵᠡᠷᢉᠡ ᠠᠴᠢ ᠬᠣᠯᠪᠤᠭᠳᠠᠯ ᠲᠠᠢ ᢈᠥᠲᠦᠯᠪᠦᠷᠢ᠃ ᠲᠤᠬᠠᠢ ᠶ᠋ᠢᠨ ᢈᠥᠲᠦᠯᠪᠦᠷᠢ ᠶ᠋ᠢ ᢈᠦᠷᠲᠡᢉᠡᠮᠵᠢ ᠲᠡᠢ ᠪᠠᠶᠢᠯᠭᠠᠵᠤ᠂ ᠣᠷᠤᠯᠴᠠᠭ᠎ᠠ ᠶ᠋ᠢ ᠢᠳᠡᠪᢈᠢᠵᠢᢉᠦᠯᢈᠦ ᠵᠣᠷᠢᠯᠭ᠎ᠠ ᠪᠠᠷ ᠵᠢᠯ ᠪᠦᠷᠢ ᠔-᠑᠘ ᠨᠠᠰᠤᠨ ᠤ᠋ ᢈᠡᠦᢈᠡᠳ ᠦ᠋ᠳ ᠦ᠋ᠨ ᠳᠤᠮᠳᠠ ᠪᠠᠶᠢᠭᠠᠯᠢ ᠬᠠᠮᠠᠭᠠᠯᠠᠯ ᠤ᠋ᠨ ᠰᠡᠳᠢ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ