
ᠮᠣᠩᠭᠣᠯ ᠤᠯᠤᠰ ᠤ᠋ᠨ ᠤᠷᠲᠤ᠂ ᠳᠤᠮᠳᠠ᠂ ᠪᠣᠭᠤᠨᠢ ᠬᠤᠭᠤᠴᠠᠭᠠᠨ ᠤ᠋ ᢈᠥᢉᠵᠢᠯ ᠦ᠋ᠨ ᠪᠣᠳᠤᠯᠭ ᠠ ᠶ᠋ᠢᠨ ᢈᠦᠷᠢᠶᠡᠨ ᠳ᠋ᠦ ᠒᠐᠑᠘ ᠣᠨ ᠠ᠋ᠴᠠ ᠡᢈᠢᠯᠡᠨ ᠮᠣᠩᠭᠣᠯᠴᠤᠳ ᠤ᠋ᠨ ᠲᠥᠷᠦᠲᠦ ᠶᠣᠰᠤᠨ ᠤ᠋ ᠤᠯᠠᠮᠵᠢᠯᠠᠯ᠂ᠲᠡᠦᢈᠡ᠂ ᠰᠣᠶᠤᠯ ᠤ᠋ᠨ ᠳᠤᠷᠠᠰᠬᠠᠯᠲᠤ ᠵᠦᠶᠢᠯ᠂ ᠤᠷᠠᠯᠢᠭ ᠤ᠋ᠨ ᠪᠦᠲᠦᢉᠡᠯ ᠢ᠋ᠶᠡᠷ ᠳᠠᠮᠵᠢᠭᠤᠯᠤᠨ ᢈᠡᠦᢈᠡᠳ ᠵᠠᠯᠠᠭᠤᠴᠤᠳ ᠲᠤ ᠦᠨᠳᠦᠰᠦᠨ ᠦ᠋ ᠪᠠᠬᠠᠷᠬᠠᠯ᠂ᠡᢈᠡ ᠣᠷᠤᠨᠴᠢ ᠦᠵᠡᠯ ᠢ᠋ ᠲᠥᠯᠦᠪᠰᠢᢉᠦᠯᢈᠦ ᠵᠣᠷᠢᠯᠭ ᠠ ᠪᠠᠷ ᠵᠢᠯ ᠪᠦᠷᠢ ᠶ᠋ᠢᠨ ᠓ ᠳ᠋ᠤᠭᠠᠷ ᠰᠠᠷ ᠠ ᠶ᠋ᠢᠨ ᠡᢈᠢᠨ ᠦ᠋ ᠳᠣᠯᠤᠭ ᠠ ᠬᠣᠨᠤᠭ ᠲᠤ “ᠮᠦᠽᠧᠢ ᠶ᠋ᠢᠨ ᠨᠡᢉᠡᢉᠡᠯᠲᠡᠲᠡᠢ ᠡᠳᠦᠷ ᠦ᠋ᠳ” ᠠᠷᠭ ᠠ ᢈᠡᠮᠵᠢᠶ ᠡ ᠶ᠋ᠢ ᠵᠣᢈᠢᠶᠠᠨ ᠪᠠᠶᠢᠭᠤᠯᠵᠤ ᠢᠷᠡᢉᠰᠡᠨ᠃
ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤᠨ ᠠ᠋ᠴᠠ ᠲᠡᠦᢈᠡ᠂ᠰᠣᠶᠤᠯ ᠤ᠋ᠨ ᠳᠤᠷᠠᠰᠬᠠᠯᠲᠤ ᠵᠦᠶᠢᠯ᠂ ᠤᠷᠠᠯᠢᠭ ᠤ᠋ᠨ ᠪᠦᠲᠦᢉᠡᠯ ᠢ᠋ᠶᠡᠷ ᠳᠠᠮᠵᠢᠭᠤᠯᠤᠨ ᢈᠡᠦᢈᠡᠳ᠂ᠵᠠᠯᠠᠭᠤᠴᠤᠳ ᠪᠣᠯᠤᠨ ᢉᠡᠷ ᠪᠦᠯᠢ ᠶ᠋ᠢᠨ ᢉᠡᠰᠢᢉᠦᠳ ᠲᠦ ᠦᠨᠳᠦᠰᠦᠨ ᠦ᠋ ᠪᠠᠬᠠᠷᠬᠠᠯ᠂ᠡᢈᠡ ᠣᠷᠤᠨᠴᠢ ᠦᠵᠡᠯ ᠢ᠋ ᠲᠥᠯᠦᠪᠰᠢᢉᠦᠯᢈᠦ᠂ ᢉᠡᠷ ᠪᠦᠯᠢ ᠶ᠋ᠢᠨ ᠪᠣᠯᠪᠠᠰᠤᠷᠠᠯ᠂ ᠬᠠᠮᠲᠤ ᠶ᠋ᠢᠨ ᠣᠷᠤᠯᠴᠠᠭ ᠠ ᠶ᠋ᠢ ᠳᠡᠮᠵᠢᢈᠦ ᠵᠣᠷᠢᠯᠭ ᠠ ᠪᠠᠷ “ᠮᠦᠽᠧᠢ ᠶ᠋ᠢᠨ ᠨᠡᢉᠡᢉᠡᠯᠲᠡᠲᠡᠢ ᠡᠳᠦᠷ ᠦ᠋ᠳ ᠒᠐᠒᠖” ᠠᠷᠭ ᠠ ᢈᠡᠮᠵᠢᠶ ᠡ ᠶ᠋ᠢ ᠐᠓ ᠳ᠋ᠤᠭᠠᠷ ᠰᠠᠷ ᠠ ᠶ᠋ᠢᠨ ᠐᠑᠆᠐᠗᠆ᠤ᠋ ᠡᠳᠦᠷ ᠦ᠋ᠳ ᠲᠦ ᠤᠯᠤᠰ ᠤ᠋ᠨ ᢈᠡᠮᠵᠢᠶᠡᠨ ᠳ᠋ᠦ ᠵᠣᢈᠢᠶᠠᠨ ᠪᠠᠶᠢᠭᠤᠯᠤᠭᠳᠠᠵᠤ ᠪᠠᠶᠢᠨ ᠠ᠃
ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠴᠠᠭ ᠤ᠋ᠨ ᠬᠤᠪᠢᠶᠠᠷᠢ ᠐᠙:᠐᠐᠆᠑᠘:᠐᠐ ᠴᠠᠭ ᠪᠠ ᠑᠖:᠐᠐ ᠴᠠᠭ ᠲᠤ ᠰᠡᢉᠦᠯ ᠦ᠋ᠨ ᠦᠵᠡᢉᠴᠢ ᠶ᠋ᠢ ᠨᠡᠪᠲᠡᠷᠡᢉᠦᠯᠵᠦ ᠪᠠᠶᠢᠨ ᠠ᠃