ᠪᠠᠶᠢᠭᠠᠯᠢ ᠶ᠋ᠢᠨ ᠲᠡᠦᢈᠡ ᠶ᠋ᠢᠨ ᠮᠦᠽᠧᠢ

“ᠦᠨᠡᠨ” ᠲᠦᠷ ᠦᠵᠡᠰᢈᠦᠯᠡᠩ

᠒᠐᠒᠕ᠤᠨ ᠑᠐ᠰᠠᠷ᠎ᠠ ᠶᠢᠨ ᠖

ᠨᠡᠷ᠎ᠡ: “ᠦᠨᠡᠨ”

ᠲᠥᠷᠦᠯ: ᢉᠡᠷᠡᠯ ᠵᠢᠷᠤᠭ᠂ ᠪᠠᠷᠢᠮᠲᠠᠲᠤ ᠥᠪ᠂ ᠬᠠᠨᠠ ᠶ᠋ᠢᠨ ᠰᠠᠮᠪᠠᠷ᠎ᠠ ᠬᠤᠭᠤᠴᠠᠭ᠎ᠠ: ᠒᠐᠒᠔᠂᠐᠕᠂᠑᠘-᠐᠖᠂᠐᠕ ᠬᠠᠮᠢᠭ᠎ᠠ: ᠪᠠᠶᠢᠭᠠᠯᠢ ᠶ᠋ᠢᠨ ᠲᠡᠦᢈᠡ ᠶ᠋ᠢᠨ ᠮᠦᠽᠧᠢ᠃ ᠓ ᠳᠠᠪᠬᠤᠷ ᠲᠤ᠃ ᠲᠦᠷ ᠦᠵᠡᠰᢈᠦᠯᠡᠩ ᠦ᠋ᠨ ᠲᠠᠩᢈᠢᠮ᠃ ᠦᠵᠡᠰᢈᠦᠯᠡᠩ ᠦ᠋ᠨ ᠲᠤᠬᠠᠢ ᠲᠣᠪᠴᠢ: ᠦᠵᠡᠰᢈᠦᠯᠡᠩ ᠢ᠋ ᠮᠣᠩᠭᠣᠯ ᠤᠯᠤᠰ ᠲᠤ ᠣᠷᠴᠢᠨ ᠴᠠᠭ ᠤ᠋ᠨ ᠮᠦᠽᠧᠢ ᠡᢉᠦᠰᠴᠦ ᢈᠥᢉᠵᠢᢉᠰᠡᠨ ᠦ᠋ ᠑᠐᠐ ᠵᠢᠯ ᠦ᠋ᠨ ᠣᠢ᠂ ᠣᠯᠠᠨ ᠤᠯᠤᠰ ᠤ᠋ᠨ ᠮᠦᠽᠧᠢ ᠶ᠋ᠢᠨ ᠡᠳᠦᠷ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠡᢉᠦᠰᠴᠦ ᢈᠥᢉᠵᠢᢉᠰᠡᠨ ᠦ᠋ ᠑᠐᠐ ᠵᠢᠯ ᠦ᠋ᠨ ᠣᠢ ᠳ᠋ᠤ ᠵᠣᠷᠢᠭᠤᠯᠤᠨ ᠳᠢᢉᠯᠡᢉᠰᠡᠨ᠃ ᠡᠨᠡ ᢈᠦ ᠦᠵᠡᠰᢈᠦᠯᠡᠩ ᠦ᠋ᠨ ᠵᠣᠷᠢᠯᠭ᠎ᠠ ᠨᠢ: ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠲᠡᠦᢈᠡᠨ ᢈᠥᢉᠵᠢᠯ ᠵᠠᠮᠨᠠᠯ ᠢ᠋ ᠣᠯᠠᠨ ᠳ᠋ᠤ ᠲᠠᠨᠢᠭᠤᠯᠬᠤ᠂ ᠲᠡᢉᠦᠪᠡᠷ ᠳᠠᠮᠵᠢᠭᠤᠯᠤᠨ ᠮᠦᠽᠧᠢ ᢉᠡᢈᠦ ᠪᠠᠶᠢᠭᠤᠯᠤᠯᠭ᠎ᠠ ᠶ᠋ᠢᠨ ᠦᠢᠯᠡ ᠠᠵᠢᠯᠯᠠᠭ᠎ᠠ᠂ ᠣᠯᠤᠯᠲᠠ ᠠᠮᠵᠢᠯᠲᠠ᠂ ᠨᠡᠶᠢᢉᠡᠮ ᠳ᠋ᠦ ᢉᠦᠢᠴᠡᠳᢈᠡᢈᠦ ᠴᠢᢉ ᠡᢉᠦᠷᢉᠡ ᠶ᠋ᠢ ᠰᠤᠷᠲᠠᠯᠴᠢᠯᠠᠬᠤ ᠳ᠋ᠤ ᠣᠷᠤᠰᠢᠨ᠎ᠠ᠃ ᠡᠨᠡ ᢈᠦ ᠦᠵᠡᠰᢈᠦᠯᠡᠩ ᠳ᠋ᠦ ᠲᠡᠦᢈᠡᠨ ᠦᠨᠡᠨ ᠢ᠋ ᢉᠡᠷᠡᠴᠢᠯᠡᢈᠦ ᠹᠣᠲ᠋ᠣ᠋ ᠵᠢᠷᠤᠭ᠂ ᠪᠠᠷᠢᠮᠲᠠᠲᠤ ᠪᠦᠰ ᠢ᠋ ᠳᠡᠯᢉᠡᢉᠰᠡᠨ ᠨᠢ ᠮᠦᠽᠧᠢ ᠰᠤᠳᠤᠯᠤᠭᠠᠴᠢ ᠨᠠᠷ ᠤ᠋ᠨ ᠰᠤᠳᠤᠯᠭᠠᠨ ᠳ᠋ᠤ ᠲᠦᠯᢈᠢᠴᠡ ᠮᠡᠳᠡᢉᠡᠯᠡᠯ ᠪᠣᠯᠤᠨ᠎ᠠ ᢈᠡᠮᠡᠨ ᠦᠵᠡᠵᠦ ᠪᠠᠶᠢᠨ᠎ᠠ᠃ ᠦᠵᠡᠰᢈᠦᠯᠡᠩ ᠳ᠋ᠦ ᠣᠷᠤᠯᠴᠠᠭᠰᠠᠨ ᠡᢈᠡ ᠮᠠᠲ᠋ᠧᠷᠢᠠᠯ ᠤ᠋ᠳ ᠢ᠋ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠪᠦᠷᠢᠳᢈᠡᠯ ᠮᠡᠳᠡᢉᠡᠯᠡᠯ ᠦ᠋ᠨ ᠰᠠᠩ ᠢ᠋ ᠲᠦᠰᠢᢉᠯᠡᠨ ᠪᠡᠯᠡᠳᢈᠡᠵᠦ ᠹᠣᠲ᠋ᠣ᠋ ᠰᠲ᠋ᠦ᠋ᠳᠢ ᠳ᠋ᠤ ᠬᠠᠭᠤᠴᠢᠨ ᠤ᠋ ᠹᠣᠲ᠋ᠣ᠋ ᠵᠢᠷᠤᠭ ᠤ᠋ᠳ ᠢ᠋ ᠰᠡᠷᢉᠦᢉᠡᢈᠦ ᠠᠵᠢᠯ ᢈᠢᢉᠳᠡᢉᠰᠡᠨ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ