ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠮᠣᠩᠭᠣᠯ ᠤᠯᠤᠰ ᠤ᠋ᠨ ᠮᠦᠽᠧᠢ ᠶ᠋ᠢᠨ ᠲᠤᠬᠠᠢ ᠬᠠᠤᠯᠢ ᠠ᠋ᠴᠠ

᠒᠐᠒᠕ᠤᠨ ᠑᠐ᠰᠠᠷ᠎ᠠ ᠶᠢᠨ ᠖

ᠮᠣᠩᠭᠣᠯ ᠤᠯᠤᠰ ᠤ᠋ᠨ ᠮᠦᠽᠧᠢ ᠶ᠋ᠢᠨ ᠲᠤᠬᠠᠢ ᠬᠠᠤᠯᠢ ᠠ᠋ᠴᠠ᠃ ᠃ ᠃ ᠙ ᠳ᠋᠋ᠦ᠋ᢉᠡᠷ ᠵᠦᠢᠯ᠃ ᠮᠦᠽᠧᠢ ᠶ᠋ᠢᠨ ᠦᠢᠯᠡᠴᠢᠯᠡᢉᠡᠨ ᠦ᠋ ᠲᠥᠯᠦᠪᠦᠷᠢ ᠙᠂᠑᠃ ᠮᠣᠩᠭᠣᠯ ᠤᠯᠤᠰ ᠤ᠋ᠨ ᠬᠠᠷᠢᠶᠠᠲᠤ ᠑᠖ ᢈᠦᠷᠲᠡᠯᠡᢈᠢ ᠨᠠᠰᠤᠨ ᠤ᠋ ᢈᠡᠦᢈᠡᠳ ᠮᠦᠽᠧᠢ ᠶ᠋ᠢᠨ ᠦᠵᠡᢉᠦᠯᠦᠯᢉᠡ ᠶ᠋ᠢᠨ ᠲᠠᠩᢈᠢᠮ ᠢ᠋ᠶᠠᠷ ᠦᠨ ᠡ ᠲᠥᠯᠦᠪᠦᠷᠢ ᠦᢉᠡᠢ ᠦᠢᠯᠡᠴᠢᠯᠡᢉᠦᠯᠦᠨ ᠡ᠃ ᠙᠂᠒᠃ ᠡᠨᠡ ᠬᠠᠤᠯᠢ ᠶ᠋ᠢᠨ ᠙᠂᠑- ᠳ᠋ᠤ ᠵᠢᠭᠠᠭᠰᠠᠨ ᠠ᠋ᠴᠠ ᠪᠤᠰᠤᠳ ᠦᠢᠯᠡᠴᠢᠯᠡᢉᠡ ᠲᠥᠯᠦᠪᠦᠷᠢᠲᠡᠢ ᠪᠠᠶᠢᠵᠤ ᠪᠣᠯᠬᠤ ᠪᠥᢉᠡᠳ ᠤᠭ ᠲᠥᠯᠦᠪᠦᠷᠢ ᠶ᠋ᠢᠨ ᢈᠡᠮᠵᠢᠶ ᠡ ᠶ᠋ᠢ ᠡᢉᠦᠰᢈᠡᠨ ᠪᠠᠶᠢᠭᠤᠯᠤᠭᠴᠢ ᠲᠠᠢ ᠵᠥᠪᠰᠢᠯᠴᠡᢉᠰᠡᠨ ᠦ᠋ ᠦᠨᠳᠦᠰᠦᠨ ᠳᠡᢉᠡᠷ ᠡ ᠮᠦᠽᠧᠢ ᠶ᠋ᠢᠨ ᠵᠠᢈᠢᠷᠤᠯ ᠲᠣᠭᠲᠠᠭᠠᠨ ᠠ᠃ ᠙᠂᠓᠃ ᠮᠦᠽᠧᠢ ᠶ᠋ᠢᠨ ᠵᠠᢈᠢᠷᠤᠯ ᠳᠠᠷᠠᠭᠠᢈᠢ ᠢᠷᢉᠡᠨ ᠢ᠋ ᠦᠵᠡᢉᠦᠯᠦᠯᢉᠡ ᠶ᠋ᠢᠨ ᠲᠠᠩᢈᠢᠮ ᠢ᠋ᠶᠠᠷ ᠦᠢᠯᠡᠴᠢᠯᠡᢉᠦᠯᢈᠦ ᠳ᠋ᠦ ᠦᠶᠢᠯᠡᠴᠢᠯᠡᢉᠡᠨ ᠦ᠋ ᠲᠥᠯᠦᠪᠦᠷᠢ ᠶ᠋ᠢᠨ ᢈᠥᠩᢉᠡᠯᠡᠯᠲᠡ ᠦᠵᠡᢉᠦᠯᠦᠨ ᠡ:
᠙᠂᠓᠃ ᠑᠃ ᠠᠬᠠᠮᠠᠳ ᠨᠠᠰᠤᠲᠠᠨ ᠤ᠋ ᠲᠤᠬᠠᠢ ᠬᠠᠤᠯᠢ ᠶ᠋ᠢᠨ ᠓᠂᠑- ᠳ᠋ᠤ ᠵᠢᠭᠠᠭᠰᠠᠨ ᠢᠷᢉᠡᠨ;
᠙᠂᠓᠃ ᠒᠃ ᢈᠥᢉᠵᠢᠯ ᠦ᠋ᠨ ᠪᠡᠷᢈᠡᠰᠢᠶᠡᠯ ᠲᠡᠢ ᢈᠦᠮᠦᠨ ᠦ᠋ ᠡᠷᢈᠡ ᠶ᠋ᠢᠨ ᠲᠤᠬᠠᠢ ᠬᠠᠤᠯᠢ ᠶ᠋ᠢᠨ ᠔᠂᠑᠃ ᠑- ᠳ᠋ᠤ ᠵᠢᠭᠠᠭᠰᠠᠨ ᠢᠷᢉᠡᠨ᠃ ᠵᠢᠴᠢ: ᠪᠠᠶᠢᠭᠠᠯᠢ ᠶ᠋ᠢᠨ ᠲᠡᠦᢈᠡ ᠶ᠋ᠢᠨ ᠮᠦᠽᠧᠢ ᠪᠡᠷ ᠠᠬᠠᠮᠠᠳ ᠨᠠᠰᠤᠲᠠᠨ᠂ ᢈᠥᢉᠵᠢᠯ ᠦ᠋ᠨ ᠪᠡᠷᢈᠡᠰᠢᠶᠡᠯ ᠲᠡᠢ ᠢᠷᢉᠡᠳ ᠵᠢᠯ ᠦ᠋ᠨ ᠲᠤᠷᠰᠢ ᠦᠨ ᠡ ᠲᠥᠯᠦᠪᠦᠷᠢ ᠦᢉᠡᠢ ᠦᠢᠯᠡᠴᠢᠯᠡᢉᠦᠯᠳᠡᢉ ᠪᠣᠯᠤᠨ ᠠ᠃ #ᠮᠦᠽᠧᠢᠨ᠋᠑᠐᠐ᠵᠢᠯ
#ᠪᠠᠶᠢᠭᠠᠯᠢ ᠶ᠋ᠢᠨᠲᠦᠦᢈᠡᠶᠢᠨᠮᠦ᠋ᠰᠧᠢ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ