ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠲᠥᠷᠦ ᠶ᠋ᠢᠨ ᠠᠯᠪᠠᠨ ᢈᠡᠷᠡᢉ ᠢ᠋ ᠬᠣᠣᠰ ᠪᠢᠴᠢᢉ ᠢ᠋ᠶᠡᠷ ᢈᠥᠲᠦᠯᠦᠨ ᠡ᠃

᠒᠐᠒᠕ᠤᠨ ᠑᠐ᠰᠠᠷ᠎ᠠ ᠶᠢᠨ ᠖

ᠮᠣᠩᠭᠤᠯ ᢈᠡᠯᠡᠨ ᠦ᠋ ᠲᠤᠬᠠᠢ ᠬᠠᠤᠯᠢ ᠳ᠋ᠤ ᠵᠢᠭᠠᠭᠰᠠᠨ ᠢ᠋ᠶᠠᠷ ᠒᠐᠒᠕ ᠣᠨ ᠤ᠋ ᠐᠑ ᠳ᠋ᠦ᠋ᢉᠡᠷ ᠰᠠᠷ ᠠ ᠶ᠋ᠢᠨ ᠐᠑-ᠨᠢᠢ ᠡᠳᠦᠷ ᠡᠴᠡ ᠡᢈᠢᠯᠡᠨ ᠲᠥᠷᠦ ᠶ᠋ᠢᠨ ᠵᠠᢈᠢᠷᠭᠠᠨ ᠤ᠋ ᠪᠣᠯᠤᠨ ᠨᠤᠲᠤᠭ ᠤ᠋ᠨ ᠥᠪᠡᠷ ᠢ᠋ᠶᠡᠨ ᠤᠳᠤᠷᠢᠳᠬᠤ ᠪᠠᠶᠢᠭᠤᠯᠤᠯᠭ ᠠ ᠲᠥᠷᠦ ᠶ᠋ᠢᠨ ᠠᠯᠪᠠᠨ ᢈᠡᠷᠡᢉ ᠢ᠋ ᠬᠣᠣᠰ ᠪᠢᠴᠢᢉ ᠢ᠋ᠶᠡᠷ ᢈᠥᠲᠦᠯᠦᠨ ᠡ᠃ ᠡᠨᠡ ᢈᠦᠷᠢᠶᠡᠨ ᠳ᠋ᠦ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠡᠷᠴᠢᠮᠵᠢᢉᠦᠯᠵᠦ᠂ ᠲᠥᠷᠦ ᠶ᠋ᠢᠨ ᠠᠯᠪᠠᠨ ᠬᠠᠭᠠᠭᠴᠢ ᠶ᠋ᠢᠨ ᠦᠨᠳᠦᠰᠦᠨ ᠦ᠋ ᠪᠢᠴᠢᢉ ᠢ᠋ᠶᠡᠷ ᠠᠯᠪᠠᠨ ᢈᠡᠷᠡᢉ ᢈᠥᠲᠦᠯᢈᠦ ᠤᠷ ᠠ ᠴᠢᠳᠠᠪᠤᠷᠢ᠂ ᠮᠡᠳᠡᠯᢉᠡ ᠶ᠋ᠢ ᠨᠡᠮᠡᢉᠳᠡᢉᠦᠯᢈᠦ ᠵᠣᠷᠢᠯᠭ ᠠ ᠪᠠᠷ ᠮᠣᠩᠭᠣᠯ ᠤᠯᠤᠰ ᠤ᠋ᠨ ᠲᠥᠷᠦ ᠶ᠋ᠢᠨ ᠠᠯᠪᠠᠨ ᠤ᠋ ᠵᠥᠪᠯᠡᠯ “ᠲᠥᠷᠦ ᠶ᠋ᠢᠨ ᠠᠯᠪᠠᠨ ᢈᠡᠷᠡᢉ ᠢ᠋ ᠬᠣᠣᠰ ᠪᠢᠴᠢᢉ ᠢ᠋ᠶᠡᠷ ᢈᠥᠲᠦᠯᢈᠦ ᠪᠡᠯᠡᠳᢈᠡᠯ ᠠᠵᠢᠯ ᠢ᠋ ᠬᠠᠩᠭᠠᠬᠤ ᠵᠠᠷᠢᠮ ᠠᠷᠭ ᠠ ᢈᠡᠮᠵᠢᠶ ᠡᠨ ᠦ᠋ ᠲᠤᠬᠠᠢ” ᠑᠖᠕ ᠳ᠋ᠤᠭᠠᠷ ᠲᠣᠭᠲᠠᠭᠠᠯ ᠭᠠᠷᠭᠠᠯ ᠠ᠃ ᠲᠣᠭᠲᠠᠭᠠᠯ ᠳ᠋ᠤ ᠪᠠᠶᠢᠭᠤᠯᠤᠯᠭ ᠠ ᠪᠦᠷᠢ ᠠᠯᠪᠠᠨ ᠬᠠᠭᠠᠭᠴᠢᠳ ᠢ᠋ᠶᠠᠨ ᠮᠣᠩᠭᠣᠯ ᠪᠢᠴᠢᢉ ᠦ᠋ᠨ ᠰᠤᠷᠭᠠᠯᠲᠠ ᠳ᠋ᠤ ᠵᠠᠪᠠᠯ ᠬᠠᠮᠤᠷᠤᠭᠤᠯᠬᠤ᠂ “ᠮᠣᠩᠭᠤᠯ ᠪᠢᠴᠢᢉ ᠦ᠋ᠨ ᠴᠠᢈᠢᠮ ᠭᠠᠷ ᠤ᠋ᠨ ᠠᠪᠤᠯᠭ ᠠ”- ᠶ᠋ᠢ ᠲᠠᠨᠢᠭᠤᠯᠵᠤ᠂ ᢈᠡᠷᠡᢉᠯᠡᢉᠡᠨ ᠳ᠋ᠦ ᠨᠡᠪᠲᠡᠷᠡᢉᠦᠯᢈᠦ᠂ ᠲᠥᠷᠦ ᠶ᠋ᠢᠨ ᠠᠯᠪᠠᠨ ᠬᠠᠭᠠᠭᠴᠢ ᠶ᠋ᠢᠨ ᢉᠦᠢᠴᠡᠳᢈᠡᠯ ᠦ᠋ᠨ ᠲᠥᠯᠦᠪᠯᠡᢉᠡᠨ ᠳ᠋ᠦ ᠮᠣᠩᠭᠣᠯ ᠪᠢᠴᠢᢉ ᠢ᠋ᠶᠡᠷ ᢈᠥᠲᠦᠯᠦᠨ ᠶᠠᠪᠤᠭᠤᠯᠬᠤ ᠤᠷ ᠠ ᠴᠢᠳᠠᠪᠤᠷᠢ ᠶ᠋ᠢ ᠲᠤᠰᠬᠠᠭᠰᠠᠨ ᠪᠠᠶᠢᠬᠤ ᠵᠡᠷᢉᠡ ᠡᢉᠦᠷᢉᠡ ᠳᠠᠭᠠᠭᠠᠯᠭᠠᠪᠤᠷᠢ᠂ ᠵᠥᠪᠯᠡᠮᠵᠢ ᠶ᠋ᠢ ᠲᠥᠷᠦ ᠶ᠋ᠢᠨ ᠪᠠᠶᠢᠭᠤᠯᠤᠯᠭ ᠠ ᠶ᠋ᠢᠨ ᠤᠳᠤᠷᠢᠳᠤᠯᠭ ᠠ᠂ ᠲᠥᠰᠦᠪ ᠦ᠋ᠨ ᠵᠠᢈᠢᠷᠤᠭᠴᠢ ᠨᠠᠷᠠᠲᠤ ᠥᢉᠪᠡ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ