ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠰᠣᠶᠤᠯ᠂ ᠤᠷᠠᠯᠢᠭ ᠤ᠋ᠨ ᠠᠵᠢᠯᠲᠠᠨ ᠤ᠋ ᠡᠳᠦᠷ ᠦ᠋ᠨ ᠪᠠᠶᠠᠷ ᠤ᠋ᠨ ᠮᠡᠨᠳᠦ ᢈᠦᠷᢈᠡᠶ᠎ᠡ

᠒᠐᠒᠕ᠤᠨ ᠑᠐ᠰᠠᠷ᠎ᠠ ᠶᠢᠨ ᠖

ᠨᠡᠶᠢᠲᠡ ᠪᠡᠷ ᠲᠡᠮᠳᠡᢉᠯᠡᢈᠦ ᠪᠠᠶᠠᠷ ᠤ᠋ᠨ ᠪᠣᠯᠤᠨ ᠲᠡᠮᠳᠡᢉᠯᠡᠯᠲᠦ ᠡᠳᠦᠷ ᠦ᠋ᠳ ᠦ᠋ᠨ ᠲᠤᠬᠠᠢ ᠬᠠᠤᠯᠢ ᠶ᠋ᠢᠨ ᠕᠂᠒᠂ ᠗᠂ ᠳ᠋ᠡᢈᠢ ᠵᠢᠭᠠᠯᠲᠠ ᠶ᠋ᠢ ᠲᠤᠰ ᠲᠤᠰ ᠦᠨᠳᠦᠰᠦᠯᠡᠨ ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠑᠙ ᠣᠨ ᠤ᠋ “ᠵᠢᠷᠤᠮ ᠪᠠᠲᠤᠯᠠᠬᠤ ᠲᠤᠬᠠᠢ” ᠒᠐᠔ ᠳ᠋ᠦ᠋ᢉᠡᠷ ᠲᠣᠭᠲᠠᠭᠠᠯ ᠢ᠋ᠶᠠᠷ «ᠰᠣᠶᠤᠯ᠂ ᠤᠷᠠᠯᠢᠭ ᠤ᠋ᠨ ᠠᠵᠢᠯᠲᠠᠨ ᠤ᠋ ᠡᠳᠦᠷ»-ᠡᠢᢉᠡ ᠵᠢᠯ ᠪᠦᠷᠢ ᠶ᠋ᠢᠨ ᠙ ᠳ᠋᠋ᠦ᠋ᢉᠡᠷ ᠰᠠᠷ᠎ᠠ ᠶ᠋ᠢᠨ ᠒ ᠳ᠋ᠠᢈᠢ ᠳᠣᠯᠤᠭ᠎ᠠ ᠬᠣᠨᠤᠭ ᠤ᠋ᠨ ᠨᠢᠮ᠎ᠠ ᠭᠠᠷᠠᠭ ᠲᠤ ᠦᠨᠳᠦᠰᠦᠨ ᠦ᠋ ᢈᠡᠮᠵᠢᠶᠡᠨ ᠳ᠋ᠦ ᠲᠡᠮᠳᠡᢉᠯᠡᠵᠦ ᠪᠠᠶᠢᠬᠤ ᠪᠠᠷ ᠲᠣᠭᠲᠠᠭᠰᠠᠨ ᠠ᠋ᠴᠠ ᠬᠣᠶᠢᠰᠢ ᠥᠨᠦᠳᠦᠷ ᠓᠒ ᠳ᠋ᠠᢈᠢ ᠨᠠᠮᠤᠷ ᠲᠠᠢ ᠪᠠᠨ ᠵᠣᠯᠭᠠᠵᠤ ᠪᠠᠶᠢᠨ᠎ᠠ᠃ ᠡᠨᠡ ᢈᠦ ᠲᠡᠮᠳᠡᢉᠯᠡᠯᠲᠦ ᠡᠳᠦᠷ ᠨᠢ ᠳᠡᠯᠡᢈᠡᠢ ᠳᠠᠶᠠᠭᠠᠷ ᠲᠠᠷᠬᠠᠨ ᠰᠠᠭᠤᠭ᠎ᠠ ᠰᠣᠶᠤᠯ᠂ ᠤᠷᠠᠯᠢᠭ ᠤ᠋ᠨ ᠰᠠᠯᠪᠤᠷᠢ ᠳ᠋ᠤ ᢈᠦᠴᠦᠨ ᠵᠢᠳᢈᠦᠵᠦ ᠪᠤᠢ ᢈᠦᠮᠦᠨ ᠪᠦᠷᠢ ᠶ᠋ᠢᠨ ᠡᠵᠡᠮᠰᠢᢉᠰᠡᠨ ᠮᠡᠷᢉᠡᠵᠢᠯ᠂ ᠡᠷᢈᠢᠯᠡᠵᠦ ᠪᠤᠢ ᠠᠵᠢᠯ ᠢ᠋ᠶᠠᠷ ᠢ᠋ᠶᠠᠨ ᠪᠠᠬᠠᠷᠬᠠᠬᠤ᠂ ᠣᠮᠤᠭᠰᠢᠬᠤ᠂ ᠦᠯᠢᢉᠡᠷᠯᠡᠨ ᠲᠠᠨᠢᠭᠤᠯᠬᠤ᠂ ᠲᠦᢉᠦᠴᠢᢉᠡᠯᠡᠨ ᠥᠪᠯᠡᢉᠦᠯᢈᠦ ᠪᠠᠬᠠᠷᠬᠠᠯᠲᠤ ᠡᠳᠦᠷ ᠶᠤᠮ᠃ ᠦᠨᠳᠦᠰᠦᠨ ᠦ᠋ ᠣᠶᠤᠨ ᠰᠠᠨᠠᠭᠠᠨ ᠤ᠋ ᠳᠠᠷᠬᠠᠯᠠᠭᠠᠨ ᠤ᠋ ᠨᠢᢉᠡᠨ ᢈᠡᠰᠡᢉ ᠪᠣᠯᠤᠭᠰᠠᠨ ᠪᠠᠶᠢᠭᠠᠯᠢ ᠶ᠋ᠢᠨ ᠥᠪ ᠢ᠋ ᠴᠤᠭᠯᠠᠭᠤᠯᠵᠤ᠂ ᠰᠤᠳᠤᠯᠤᠨ ᠰᠢᠨᠵᠢᠯᠡᠵᠦ᠂ ᠥᠪ ᠤᠯᠠᠮᠵᠢᠯᠠᠯ ᠢ᠋ᠶᠠᠨ ᠬᠠᠳᠠᠭᠠᠯᠠᠨ ᠬᠠᠮᠠᠭᠠᠯᠠᠬᠤ᠂ ᠲᠦᢉᠡᢉᠡᠨ ᠳᠡᠯᢉᠡᠷᠡᢉᠦᠯᢈᠦ ᠶᠡᢈᠡ ᠦᠢᠯᠡᠰ ᠲᠦ ᠥᠪᠡᠷ ᠦ᠋ᠨ ᠠᠪᠢᠶᠠᠰ ᠪᠢᠯᠢᢉ᠂ ᠣᠶᠤᠨ ᠤᠬᠠᠭᠠᠨ᠂ ᢈᠦᠴᠦ ᢈᠥᠳᠡᠯᠮᠦᠷᠢ ᠪᠡᠨ ᠵᠣᠷᠢᠭᠤᠯᠤᠭᠰᠠᠭᠠᠷ ᠢᠷᠡᢉᠰᠡᠨ ᠰᠣᠶᠤᠯ᠂ ᠤᠷᠠᠯᠢᠭ ᠤ᠋ᠨ ᠰᠠᠯᠪᠤᠷᠢ ᠶ᠋ᠢᠨ ᠠᠵᠢᠯᠲᠠᠨ᠂ ᠠᠯᠪᠠᠨ ᠬᠠᠭᠠᠭᠴᠢ᠂ ᠤᠷᠠᠨ ᠪᠦᠲᠦᢉᠡᠯᠴᠢ᠂ ᠡᠷᠳᠡᠮᠲᠡᠨ ᠰᠤᠳᠤᠯᠤᠭᠠᠴᠢ᠂ ᠥᠪᠯᠡᠨ ᠤᠯᠠᠮᠵᠢᠯᠠᠭᠴᠢ ᠲᠠ ᠪᠦᢈᠦᠨ ᠳ᠋ᠦ ᠪᠡᠨ ᠰᠣᠶᠤᠯ᠂ ᠤᠷᠠᠯᠢᠭ ᠤ᠋ᠨ ᠠᠵᠢᠯᠲᠠᠨ ᠤ᠋ ᠡᠳᠦᠷ ᠦ᠋ᠨ ᠪᠠᠶᠠᠷ ᠤ᠋ᠨ ᠮᠡᠨᠳᠦ ᠶ᠋ᠢ ᢈᠦᠷᢈᠡᠶ᠎ᠡ


ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ