ᠴᠥᠯᠵᠢᠯᠲᠡ ᠲᠡᠢ ᠲᠡᠮᠡᠴᠡᢈᠦ ᠡᠨᠡ ᠡᠳᠦᠷ ᠢ᠋ ᠵᠢᠯ ᠪᠦᠷᠢ ᠶ᠋ᠢᠨ ᠵᠢᠷᠭᠤᠭᠠᠳᠤᠭᠠᠷ ᠰᠠᠷᠠ ᠶ᠋ᠢᠨ ᠑᠗-ᠨᠢᠳᠦ ᠲᠡᠮᠳᠡᢉᠯᠡᠵᠦ ᠪᠠᠶᠢᠬᠤ ᠪᠠᠷ ᠨᠦᠪ- ᠶ᠋ᠢᠨ ᠶᠡᠷᠦᠩᢈᠡᠢ ᠠᠰᠰᠠᠮᠪᠯᠧᠢ ᠑᠙᠙᠕ ᠣᠨ ᠤ᠋ ᠨᠢᢉᠡᠳᠦ᠋ᢉᠡᠷ ᠰᠠᠷᠠ ᠶ᠋ᠢᠨ ᠓᠐-ᠨᠳᠤ ᠵᠠᠷᠯᠠᠭᠰᠠᠨ ᠪᠢᠯᠡ᠃ ᠳᠡᠯᠡᢈᠡᠢ ᠶ᠋ᠢᠨ ᠤᠯᠤᠰ ᠣᠷᠤᠨ ᠨᠤᠭᠤᠳ ᠴᠥᠯᠵᠢᠯᠲᠡ ᠲᠡᠢ ᠲᠡᠮᠡᠴᠡᢈᠦ᠂ ᠲᠡᢉᠦᠨ ᠦ᠋ ᠡᠷᠴᠢ ᠶ᠋ᠢ ᠰᠠᠭᠠᠷᠠᠭᠤᠯᠬᠤ ᠵᠣᠷᠢᠯᠭᠠ ᠪᠠᠷ ᠑᠙᠙᠔ ᠣᠨ ᠳ᠋ᠤ “ᠭᠠᠩ ᠴᠥᠯᠵᠢᠯᠲᠡ ᠳ᠋ᠦ ᠨᠣᠴᠤᠲᠠᠢ ᠨᠡᠷᠪᠡᢉᠳᠡᠵᠦ ᠪᠤᠢ ᠣᠷᠤᠨ ᠨᠤᠭᠤᠳ ᠴᠥᠯᠵᠢᠯᠲᠡ ᠲᠡᠢ ᠲᠡᠮᠡᠴᠡᢈᠦ ᠲᠤᠬᠠᠢ” ᠨᠦᠪ- ᠶ᠋ᠢᠨ ᠻᠣᠨᠸᠧᠨᠼ ᠢ᠋ ᠑᠙᠙᠔ ᠣᠨ ᠤ᠋ ᠵᠢᠷᠭᠤᠭᠠᠳᠤᠭᠠᠷ ᠰᠠᠷᠠ ᠶ᠋ᠢᠨ ᠑᠗-ᠨᠳᠡ ᠪᠠᠲᠤᠯᠠᠭᠰᠠᠨ ᠲᠠᠢ ᠬᠣᠯᠪᠤᠭᠠᠲᠠᠢ ᠪᠠᠷ ᠤᠭ ᠡᠳᠦᠷ ᠪᠤᠢ ᠪᠣᠯᠵᠡᠢ᠃ ᠤᠭ ᠻᠣᠨ᠋ᠸᠧᠨ᠋ᠼ ᠲᠤ ᠑᠙᠕ ᠤᠯᠤᠰ ᠨᠢᢉᠡᠳᠦᢉᠰᠡᠨ ᠡᠴᠡ ᠮᠣᠩᠭᠣᠯ ᠤᠯᠤᠰ ᠑᠙᠙᠖ ᠣᠨ ᠳ᠋ᠤ ᠨᠢᢉᠡᠳᠦᠨ ᠣᠷᠤᠵᠤ᠂ ᠡᢈᠢᠨ ᠦ᠋ ᠕᠐ ᠤᠯᠤᠰ ᠤ᠋ᠨ ᠨᠢᢉᠡ ᠪᠣᠯᠵᠤ ᠪᠠᠶᠢᠪᠠ᠃ ᠪᠠᠶᠢᠭᠠᠯᠢ ᠡᢈᠡ ᠳᠡᠯᠡᢈᠡᠢ ᠪᠡᠨ ᠬᠠᠶᠢᠷᠠᠯᠠᠴᠠᠭᠠᠶᠠ᠃