
"ᠦᠨᠳᠦᠰᠦᠨ ᠦ᠋ ᠪᠠᠬᠠᠷᠬᠠᠯᠲᠤ ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ ᠰᠤᠷᠭᠠᠯᠲᠠ᠂ ᠦᠢᠯᠡ ᠠᠵᠢᠯᠯᠠᠭᠠᠨ ᠤ᠋ ᠨᠡᢉᠡᢉᠡᠯᠲᠡ ᠳ᠋ᠦ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ᠂ ᠰᠢᠨᠵᠢᠯᠡᢈᠦ ᠤᠬᠠᠭᠠᠨ ᠤ᠋ ᠳ᠋ᠣᠻᠲ᠋ᠣᠷ ᠨ᠂ ᠮᠠᠨᠴᠤᠻ᠂ ᠪᠣᠤ ᠠᠶᠢᠮᠤᠨ ᠤ᠋ ᠪᠠᠶᠢᠭᠠᠯᠢ ᠶ᠋ᠢᠨ ᠨᠥᢉᠡᠴᠡ ᠶ᠋ᠢᠨ ᠪᠣᠳᠤᠯᠭ ᠠ᠂ᠵᠣᢈᠢᠰᠲᠠᠢ ᠠᠰᠢᠭᠯᠠᠯᠲᠠ ᠶ᠋ᠢᠨ ᠭᠠᠵᠠᠷ ᠤ᠋ᠨ ᠳᠠᠷᠤᠭ ᠠ ᠲᠠ᠃ ᠪᠠᠯᠵᠢᠨᠨᠢᠮ ᠠ᠂ ᠠᠬᠠᠯᠠᠬᠤ ᠮᠡᠷᢉᠡᠵᠢᠯᠲᠡᠨ ᠪᠠ᠂ ᠬᠠᠩᠳᠤᠷᠮ ᠠ᠂ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ ᠤ᠋ᠨ ᠳᠠᠷᠤᠭ ᠠ ᠪᠠ᠂ ᠠᠮᠤᠷᠲᠦ᠋ᠪᠰᠢᠨ᠂ ᢈᠥᠲᠦᠯᠪᠦᠷᠢ ᠶ᠋ᠢᠨ ᢉᠦᠢᠴᠡᠳᢈᠡᢉᠴᠢ ᠪᠠᠶᠢᠭᠠᠯᠢ ᠣᠷᠴᠢᠨ ᠮᠡᠳᠡᢉᠡᠯᠡᠯ ᠰᠤᠷᠭᠠᠯᠲᠠ ᠶ᠋ᠢᠨ ᠲᠥᠪ ᠲᠪᠪᠢ- ᠤ᠋ᠨ ᢉᠦᠢᠴᠡᠳᢈᠡᢈᠦ ᠵᠠᢈᠢᠷᠤᠯ ᠡ᠂ᠰᠢᠨᠡᠴᠡᠴᠡᢉ ᠨᠠᠷᠠ ᠦᢉᠡ ᢈᠡᠯᠡᠵᠦ᠂ “ᠮᠠᠵᠠᠭᠠᠯᠠᠢ ᠪᠠᠭᠠᠪᠠᠭᠠᠢ ᠶ᠋ᠢᠨ ᠣᠨᠴᠠᠯᠢᠭ ᠰᠢᠨᠵᠢ᠂ ᠬᠠᠮᠠᠭᠠᠯᠠᠯ ᠤ᠋ᠨ ᠠᠴᠢ ᠬᠣᠯᠪᠤᠭᠳᠠᠯ” ᠰᠡᠳᠦᠪ ᠢ᠋ᠶᠡᠷ ᠪᠢᠣᠯᠣᢉᠢ ᠶ᠋ᠢᠨ ᠤᠬᠠᠭᠠᠨ ᠤ᠋ ᠳ᠋ᠣᠻᠲ᠋ᠣᠷ᠂ ᠫᠷᠣᠹᠧᠰᠰᠣᠷ ᠷ᠂ ᠰᠠᠮᠠᠶ ᠠ ᠢᠯᠡᠳᢈᠡᠯ ᠲᠠᠯᠪᠢᠵᠤ᠂ ᠰᠣᠩᠭᠤᠭᠳᠠᠭᠰᠠᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠤᠳᠤᠷᠢᠯᠭ ᠠ ᠨᠤᠭᠤᠳ᠂ ᠰᠢᠨ ᠡ ᠡᢈᠢᠯᠡᠯ ᠰᠤᠷᠭᠠᠭᠤᠯᠢ ᠶ᠋ᠢᠨ ᠠᠬᠠᠯᠠᠬᠤ ᠪᠦᠯᠦᢉ ᠦ᠋ᠨ ᠰᠤᠷᠤᠭᠴᠢᠳ ᠰᠤᠷᠭᠠᠯᠲᠠ᠂ ᠦᠶᠢᠯᠡ ᠠᠵᠢᠯᠯᠠᠭᠠᠨ ᠳ᠋ᠤ ᠬᠠᠮᠤᠷᠤᠭᠳᠠᠯ ᠠ᠃
᠒᠐᠒᠕-᠒᠐᠒᠖ ᠣᠨ ᠤ᠋ ᢈᠢᠴᠢᠶᠡᠯ ᠡᢈᠢᠯᠡᢉᠰᠡᠨ ᠲᠡᠢ ᠬᠣᠯᠪᠤᠭᠳᠠᠭᠤᠯᠤᠨ “ᠦᠨᠳᠦᠰᠦᠨ ᠦ᠋ ᠪᠠᠬᠠᠷᠬᠠᠯᠲᠤ ᠠᠮᠢᠲᠠᠨ ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ” ᠰᠤᠷᠭᠠᠯᠲᠠ᠂ ᠦᠢᠯᠡ ᠠᠵᠢᠯᠯᠠᠭ ᠠ ᠶ᠋ᠢ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭ ᠠ ᠶ᠋ᠢᠨ ᠭᠠᠵᠠᠷ᠂ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠶᠠᠮᠤᠨ ᠤ᠋ ᠰᠠᠨᠠᠭᠠᠴᠢᠯᠭ ᠠ᠂ᠳᠡᠮᠵᠢᠯᢉᠡ ᠲᠡᠢ ᠪᠡᠷ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ᠂ ᠪᠠᠶᠢᠭᠠᠯᠢ ᠣᠷᠴᠢᠨ ᠤ᠋ ᠮᠡᠳᠡᢉᠡᠯᠡᠯ ᠰᠤᠷᠭᠠᠯᠲᠠ ᠶ᠋ᠢᠨ ᠲᠥᠪ ᠲᠪᠪᠢ- ᠲᠡᠢ ᠬᠠᠮᠲᠤᠷᠠᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠮᠦᠽᠧᠢ ᠶ᠋ᠢᠨ ᠰᠤᠷᠭᠠᠯᠲᠠ ᠶ᠋ᠢᠨ ᠣᠷᠴᠢᠨ ᠠᠭᠤᠯᠭ ᠠ ᠶ᠋ᠢᠨ ᢈᠦᠷᠢᠶ ᠡᠨ ᠳ᠋ᠦ ᠙ ᠳ᠋ᠦ᠋ᢉᠡᠷ ᠰᠠᠷ ᠠ ᠶ᠋ᠢᠨ ᠒᠙-ᠨᠥᢉᠡᠰᠦ ᠡᢈᠢᠯᠡᠨ ᠨᠢᢉᠡ ᠰᠠᠷ ᠠ ᠶ᠋ᠢᠨ ᠬᠤᠭᠤᠴᠠᠭᠠᠨ ᠳ᠋ᠤ ᠵᠣᢈᠢᠶᠠᠨ ᠪᠠᠶᠢᠭᠤᠯᠵᠤ ᠪᠠᠶᠢᠨ ᠠ᠃ ᠮᠠᠵᠠᠭᠠᠯᠠᠢ ᠪᠠᠭᠠᠪᠠᠭᠠᠢ ᠶ᠋ᠢ ᠲᠥᠯᠦᢉᠡᠯᠡᠯ ᠪᠣᠯᠭᠠᠨ ᠮᠣᠩᠭᠣᠯ ᠣᠷᠤᠨ ᠤ᠋ ᠪᠢᠣᠯᠣᢉᠢ ᠶ᠋ᠢᠨ ᠣᠯᠠᠨ ᠶᠠᠩᠵᠤ ᠪᠠᠶᠢᠳᠠᠯ ᠤ᠋ᠨ ᠦᠨ ᠡ ᠴᠡᠨ ᠡ᠂ ᠡᠻᠤᠰᠢᠰᠲ᠋ᠧᠮ ᠦ᠋ᠨ ᠠᠴᠢ ᠬᠣᠯᠪᠤᠭᠳᠠᠯ ᠢ᠋ ᢈᠡᠦᢈᠡᠳ᠂ ᠵᠠᠯᠠᠭᠤᠰ ᠲᠤ ᠲᠠᠨᠢᠭᠤᠯᠬᠤ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠲᠠᠯᠠᠭᠠᠷᢈᠢ ᠰᠢᠨᠵᠢᠯᠡᢈᠦ ᠤᠬᠠᠭᠠᠨᠴᠢ ᠮᠡᠳᠡᠯᢉᠡ ᠶ᠋ᠢ ᠨᠡᠮᠡᢉᠳᠡᢉᠦᠯᢈᠦ᠂ ᠪᠠᠶᠢᠭᠠᠯᠢ ᠬᠠᠮᠠᠭᠠᠯᠠᠬᠤ ᠵᠥᠪ ᠬᠠᠨᠳᠤᠯᠭ ᠠ ᠲᠥᠯᠦᠪᠰᠢᢉᠦᠯᢈᠦ ᠵᠣᠷᠢᠯᠭ ᠠ ᠲᠠᠢ ᠲᠤᠰ ᠰᠤᠷᠭᠠᠯᠲᠠ᠂ ᠦᠢᠯᠡ ᠠᠵᠢᠯᠯᠠᠭᠠᠨ ᠳ᠋ᠤ ᠨᠡᠶᠢᠰᠯᠡᠯ ᠦ᠋ᠨ ᠑᠐ ᠭᠠᠷᠤᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠒-᠑᠒ ᠳ᠋ᠤᠭᠠᠷ ᠠᠩᢉᠢ ᠶ᠋ᠢᠨ ᠑᠐᠂᠐᠐᠐ ᠭᠠᠷᠤᠢ ᠰᠤᠷᠤᠭᠴᠢ ᠬᠠᠮᠤᠷᠤᠭᠳᠠᠬᠤ ᠪᠣᠯᠤᠨ ᠠ᠃ ᠰᠤᠷᠤᠭᠴᠢᠳ ᠤ᠋ᠨ ᠨᠠᠰᠤ ᠰᠡᠳᢈᠢᢈᠦᠢ ᠶ᠋ᠢᠨ ᠣᠨᠴᠠᠯᠢᠭ ᠲᠤ ᠨᠡᠶᠢᠴᠡᢉᠰᠡᠨ ᠮᠦᠽᠧᠢ ᠶ᠋ᠢᠨ ᢈᠥᠲᠦᠴᠢ ᠨᠣᠮ᠂ ᠪᠠᠭᠰᠢ ᠶ᠋ᠢᠨ ᠭᠠᠷ ᠤ᠋ᠨ ᠠᠪᠤᠯᠭ ᠠ᠂ ᠦᠵᠡᢉᠦᠯᠦᠨ ᠦᠵᠡᠮᠦᠷᠢ ᠨᠦ᠋ᢉᠦᠳ ᠢ᠋ ᠠᠰᠢᠭᠯᠠᠨ ᢈᠡᠷᠡᢉᠵᠢᢉᠦᠯᠵᠦ ᠪᠤᠢ ᠰᠤᠷᠭᠠᠯᠲᠠ ᠶ᠋ᠢᠨ ᠦᠷ ᠡ ᠳ᠋ᠦᠩ ᠳ᠋ᠦ:
ᠰᠤᠷᠤᠭᠴᠢᠳ ᠮᠠᠽᠠᠭᠠᠯᠠᠢ ᠪᠠᠭᠠᠪᠠᠭᠠᠢ ᠪᠣᠯᠤᠨ ᠮᠣᠩᠭᠣᠯ ᠣᠷᠤᠨ ᠤ᠋ ᠬᠣᠪᠤᠷ᠂ ᠨᠡᠩ ᠬᠣᠪᠤᠷ ᠠᠮᠢᠲᠠᠳ ᠤ᠋ᠨ ᠲᠠᠯᠠᠭᠠᠷ ᠰᠢᠨᠵᠢᠯᠡᢈᠦ ᠤᠬᠠᠭᠠᠨᠴᠢ ᠮᠡᠳᠡᠯᢉᠡ ᠲᠡᠢ ᠪᠣᠯᠵᠤ᠂ ᠪᠢᠣᠯᠣᢉᠢ ᠶ᠋ᠢᠨ ᠣᠯᠠᠨ ᠶᠠᠩᠵᠤ ᠪᠠᠶᠢᠳᠠᠯ ᠤ᠋ᠨ ᠦᠨ ᠡ ᠴᠢᠨ ᠢ᠋ ᠣᠶᠢᠯᠠᠭᠠᠨ ᠠ᠃ ᠡᠻᠣᠰᠢᠰᠲ᠋ᠧᠮ ᠦ᠋ᠨ ᠠᠴᠢ ᠬᠣᠯᠪᠤᠭᠳᠠᠯ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠨᠥᠯᠦᢉᠡᠯᠡᠯ ᠦ᠋ᠨ ᠲᠠᠯᠠᠭᠠᠷᢈᠢ ᠣᠶᠢᠯᠠᠭᠠᠯᠲᠠ ᢉᠦᠨᠵᠡᢉᠡᠶᠢᠷᠡᠵᠦ᠂ ᠪᠠᠶᠢᠭᠠᠯᠢ ᠬᠠᠮᠠᠭᠠᠯᠠᠬᠤ ᠵᠥᠪ ᠬᠠᠨᠳᠤᠯᠭ ᠠ ᠲᠥᠯᠦᠪᠰᠢᠨ ᠡ᠃ ᢈᠡᠦᢈᠡᠳ᠂ ᠵᠠᠯᠠᠭᠤᠰ ᠤ᠋ᠨ ᠪᠠᠶᠢᠭᠠᠯᠢ ᠬᠠᠮᠠᠭᠠᠯᠠᠬᠤ ᠦᠢᠯᠡ ᢈᠡᠷᠡᢉ ᠲᠦ ᠣᠷᠤᠯᠴᠠᠭ ᠠ᠂ ᠢᠳᠡᠪᢈᠢ ᠰᠠᠨᠠᠭᠠᠴᠢᠯᠭ ᠠ ᠨᠡᠮᠡᢉᠳᠡᠵᠦ᠂ ᠢᠷᢉᠡᠨ ᠦ᠋ ᠨᠡᠶᠢᢉᠡᠮ ᠦ᠋ᠨ ᠬᠠᠷᠢᠭᠤᠴᠠᠯᠭ ᠠ ᠶ᠋ᠢ ᠤᠬᠠᠮᠰᠠᠷᠯᠠᠨ ᠠ᠃ ᠶᠡᠷᠦᠩᢈᠡᠢ ᠪᠣᠯᠪᠠᠰᠤᠷᠠᠯ ᠤ᠋ᠨ ᠰᠤᠷᠭᠠᠯᠲᠠ ᠶ᠋ᠢᠨ ᠦᠢᠯᠡ ᠠᠵᠢᠯᠯᠠᠭᠠᠨ ᠳ᠋ᠤ ᠲᠣᠭᠲᠠᠪᠤᠷᠢᠲᠠᠢ ᢈᠥᢉᠵᠢᠯ ᠦ᠋ᠨ ᠪᠣᠯᠪᠠᠰᠤᠷᠠᠯ ᠤ᠋ᠨ ᠦᠵᠡᠯ ᠰᠠᠨᠠᠭ ᠠ ᠪᠣᠳᠠᠲᠤ ᠪᠠᠷ ᠲᠤᠰᠬᠠᠭᠳᠠᠵᠤ᠂ ᠰᠤᠷᠭᠠᠯᠲᠠ ᠶ᠋ᠢᠨ ᠪᠠᠶᠢᠭᠤᠯᠤᠯᠭ ᠠ ᠨᠤᠭᠤᠳ ᠤ᠋ᠨ ᠬᠠᠮᠲᠤ ᠶ᠋ᠢᠨ ᠠᠵᠢᠯᠯᠠᠭ ᠠ ᠡᠷᢉᠦᠵᠢᠨ ᠡ᠃ ᠡᠻᠣᠯᠣᢉᠢ ᠶ᠋ᠢᠨ ᠪᠣᠯᠪᠠᠰᠤᠷᠠᠯ ᠪᠣᠯᠤᠨ ᠲᠣᠭᠲᠠᠪᠤᠷᠢ ᠲᠠᠢ ᢈᠥᢉᠵᠢᠯ ᠦ᠋ᠨ ᠪᠣᠯᠪᠠᠰᠤᠷᠠᠯ ᠤ᠋ᠨ ᠲᠣᠭᠲᠠᠯᠴᠠᠭ ᠠ ᠰᠠᠶᠢᠵᠢᠷᠠᠵᠤ᠂ ᠲᠥᠷᠦ ᠶ᠋ᠢᠨ ᠪᠣᠳᠤᠯᠭ ᠠ ᠶ᠋ᠢᠨ ᠪᠠᠷᠢᠮᠲᠠ ᠪᠢᠴᠢᢉ ᠦ᠋ᠨ ᢈᠡᠷᠡᢉᠵᠢᠯᠲᠡ ᠳ᠋ᠦ ᠬᠤᠪᠢ ᠨᠡᠮᠡᠷᠢ ᠣᠷᠤᠭᠤᠯᠤᠨ ᠠ᠃
ᢈᠥᠲᠦᠯᠪᠦᠷᠢ ᠶ᠋ᠢᠨ ᠰᠤᠷᠭᠠᠯᠲᠠ ᠨᠢ ᠮᠦᠽᠧᠢ ᠶ᠋ᠢᠨ ᠡᠮᠦᠨᠡᢈᠢ – ᠮᠦᠽᠧᠢ ᠳᠡᢉᠡᠷᠡᢈᠢ – ᠮᠦᠽᠧᠢ ᠶ᠋ᠢᠨ ᠳᠠᠷᠠᠭᠠᢈᠢ ᢉᠡᠰᠡᠨ ᠭᠤᠷᠪᠠᠨ ᠦᠶ ᠡ ᠱᠠᠲᠤ ᠲᠠᠢ ᠪᠠᠷ ᢈᠡᠷᠡᢉᠵᠢᠵᠦ ᠪᠠᠶᠢᠭ ᠠ ᠪᠥᢉᠡᠳ ᠡᠨᠡ ᢈᠦ ᠠᠷᠭ ᠠ ᠵᠦᠢ ᠶ᠋ᠢ ᠴᠠᠭᠠᠰᠢᠳᠠ ᠤᠯᠤᠰ ᠤ᠋ᠨ ᢈᠡᠮᠵᠢᠶᠡᠨ ᠳ᠋ᠦ ᠰᠤᠷᠭᠠᠭᠤᠯᠢ ᠨᠤᠭᠤᠳ ᠲᠤ ᠨᠡᠪᠲᠡᠷᠡᢉᠦᠯᢈᠦ ᠪᠦᠷᠢᠨ ᠪᠣᠯᠤᠮᠵᠢ ᠲᠠᠢ ᠶᠤᠮ᠃