ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠥᠨᠦᠳᠦᠷ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ ᠳ᠋ᠣᠻᠲ᠋ᠣᠷ ᠨ‍᠂ ᠮᠠᠨᠴᠤᠻᠠ᠂ ᠦᠵᠡᢉᠦᠯᠦᠯᢉᠡ᠂ ᠦᠵᠡᠰᢈᠦᠯᠡᠩ ᠦ᠋ᠨ ᢈᠡᠯᠲᠡᠰ ᠦ᠋ᠨ ᠳᠠᠷᠤᠭ ᠠ ᠣ‍᠂ᠰᠣᠷᠢᠨᠵᠢᠨᠪᠣᠯᠤᠳ᠂ ᠦᠵᠡᢉᠦᠯᠦᠯᢉᠡ ᠶ᠋ᠢᠨ ᠵᠥᠪᠯᠡᢈᠦ ᠨ‍᠂ ᠬᠣᠣᠰᠪᠠᠶᠠᠷ ᠨᠠᠷ ᠳᠠᠷᠠᠭᠠᢈᠢ ᠠᠭᠤᠯᠵᠠᠯᠲᠠ ᠨᠤᠭᠤᠳ ᠢ᠋ ᢈᠢᠪᠡ

᠒᠐᠒᠕ᠤᠨ ᠑᠐ᠰᠠᠷ᠎ᠠ ᠶᠢᠨ ᠙

ᠨᠡᠶᠢᠲᠡ ᠶ᠋ᠢᠨ ᠲᠡᢉᠡᢉᠡᠪᠦᠷᠢ ᠶ᠋ᠢᠨ ᠬᠠᠮᠲᠤ ᠶ᠋ᠢᠨ ᠠᠵᠢᠯᠯᠠᠭ ᠠ:
ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ ᠠ ᠶ᠋ᠢᠨ ᠭᠠᠵᠠᠷ ᠤ᠋ᠨ ᠳᠠᠷᠤᠭ ᠠ ᠳ‍᠂ ᠣᠳᠬᠠᠨᠵᠢᠷᠭᠠᠯ ᠲᠠᠢ ᠠᠭᠤᠯᠵᠠᠵᠤ᠂ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠶ᠋ᠢᠨ ᠰᠢᠨ ᠡ ᠪᠠᠷᠢᠯᠭ ᠠ ᠪᠠᠶᠢᠭᠤᠯᠤᠮᠵᠢ ᠲᠠᠢ ᠬᠣᠯᠪᠤᠭᠳᠠᠭᠤᠯᠤᠨ ᠬᠠᠨ-ᠠᠭᠤᠯᠠ ᠳᠡᢉᠦᠷᢉᠡ ᠶ᠋ᠢᠨ ᠶᠡᢈᠡ ᠲᠩᠷᠢ ᠶ᠋ᠢᠨ ᠠᠮᠠᠨ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠪᠠᠭᠤᠳᠠᠯ᠂ ᠴᠢᢉᠯᠡᠯ ᠢ᠋ ᠰᠢᠨ ᠡ ᠪᠡᠷ ᠭᠠᠷᠭᠠᠬᠤ ᠠᠰᠠᠭᠤᠳᠠᠯ ᠢ᠋ᠶᠠᠷ ᠰᠠᠨᠠᠯ ᠰᠣᠯᠢᠯᠴᠠᠪᠠ᠃ ᠮᠥᠨ ᠰᠢᠨ ᠡ ᠪᠠᠶᠢᠭᠤᠯᠤᠮᠵᠢ ᠶ᠋ᠢᠨ ᠠᠦ᠋ᠲ᠋ᠣ᠋ ᠵᠣᠭᠰᠤᠭᠠᠯ ᠳ᠋ᠤ ᠴᠠᢈᠢᠯᠭᠠᠨ ᠠᠦ᠋ᠲ᠋ᠣᠪᠦ᠋ᠰ ᠪᠣᠯᠤᠨ ᠵᠢᠵᠢᢉ ᠲᠡᢉᠡᢉᠡᠪᠦᠷᠢ ᠶ᠋ᠢᠨ ᢈᠡᠷᠡᢉᠰᠡᠯ ᠴᠡᠨᠡᢉᠯᠡᢈᠦ ᠲᠦᢉᠡᢉᠡᢉᠦᠷ ᠢ᠋ ᠲᠥᠯᠦᠪᠯᠡᠵᠦ ᠪᠠᠶᠢᠭᠤᠯᠬᠤ ᠪᠠᠷ ᠲᠣᢈᠢᠷᠠᠯᠴᠠᠪᠠ᠃ ᢈᠦᠮᠦᠨ ᠰᠤᠳᠤᠯᠤᠯ ᠤ᠋ᠨ ᠴᠢᢉᠯᠡᠯ ᠢ᠋ᠶᠡᠷ ᠬᠠᠮᠲᠤ ᠶ᠋ᠢᠨ ᠠᠵᠢᠯᠯᠠᠭ ᠠ:
ᠮᠣᠩᠭᠣᠯ ᠤᠯᠤᠰ ᠤ᠋ᠨ ᠶᠡᢈᠡ ᠰᠤᠷᠭᠠᠭᠤᠯᠢ ᠶ᠋ᠢᠨ ᠠᠨ᠋ᠲ᠋ᠷᠣᠫᠣᠯᠣᢉᠢ ᠶ᠋ᠢᠨ ᠲᠢᠩᢈᠢᠮ ᠢ᠋ ᠦᠨᠳᠦᠰᠦᠯᠡᢉᠴᠢ᠂ ᠳ᠋ᠣᠻᠲ᠋ᠣᠷ᠂ ᠫᠷᠣᠹᠧᠰᠰᠣᠷ ᠳ‍᠂ ᠲᠦᠮᠡᠨ ᠭᠤᠸᠠᠢ ᠶ᠋ᠢ ᠤᠷᠢᠵᠤ ᠠᠭᠤᠯᠵᠠᠯᠲᠠ ᢈᠢᠯ ᠡ᠃ ᠠᠭᠤᠯᠵᠠᠯᠲᠠ ᠪᠠᠷ ᠮᠦᠽᠧᠢ ᠶ᠋ᠢᠨ “ᢈᠦᠮᠦᠨ ᠦ᠋ ᠡᢉᠦᠰᠦᠯ᠂ ᢈᠥᢉᠵᠢᠯ” ᠲᠠᠩᢈᠢᠮ ᠤ᠋ᠨ ᠦᠵᠡᢉᠦᠯᠦᠯᢉᠡ ᠳᠢᢉᠯᠡᠯᠲᠡ ᠪᠣᠯᠤᠨ ᠠᠭᠤᠯᠭ ᠠ ᠶ᠋ᠢᠨ ᠲᠠᠯᠠᠭᠠᠷ ᠰᠠᠨᠠᠯ ᠰᠣᠯᠢᠯᠴᠠᠵᠤ᠂ ᠵᠥᠪᠯᠡᢉᠡ ᠠᠪᠴᠤ ᠬᠠᠮᠲᠤᠷᠠᠨ ᠠᠵᠢᠯᠯᠠᠬᠤ ᠪᠠᠷ ᠪᠣᠯᠤᠯ ᠠ᠃ ᠪᠷᠧᠨ᠋ᠳᠢᠨ᠋ᢉ᠂ ᠳ᠋ᠢᠽᠠᠶᠢᠨ᠋ ᢈᠥᢉᠵᠢᢉᠦᠯᠦᠯᠲᠡ:
ᠵᠠᠯᠠᠭᠤ ᠳ᠋ᠢᠽᠠᠶᠢᠨᠧᠷ ᠤ᠋ᠳ ᠨᠠᠷ ᠲᠠᠢ ᠠᠭᠤᠯᠵᠠᠵᠤ᠂ ᠮᠦᠽᠧᠢ ᠶ᠋ᠢᠨ ᠪᠷᠢᠨ᠋ᠳᠢᠨ᠋ᢉ ᠪᠣᠯᠤᠨ ᠮᠧᠷᠴᠧᠨ᠋ᠳᠠᠶᠢᠽᠢᠩ ᠤ᠋ᠨ ᢈᠥᢉᠵᠢᢉᠦᠯᠦᠯᠲᠡ ᠶ᠋ᠢᠨ ᠲᠠᠯᠠᠭᠠᠷ ᠰᠠᠨᠠᠯ ᠰᠣᠯᠢᠯᠴᠠᠪᠠ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ