
ᠪᠠᠢᠭᠠᠯ ᠤᠨ ᠲᠡᠦᠬᠡ ᠶᠢᠨ ᠮᠦᠽᠧᠢ ᠶᠢᠨ ᠬᠠᠮᠲᠤ ᠶᠢᠨ ᠠᠵᠢᠯᠯᠠᠭᠠᠨ ᠤ ᠠᠭᠤᠯᠵᠠᠯᠲᠠ ᠨᠤᠭᠤᠳ᠄
2025 ᠣᠨ ᠤ 10 ᠳ᠋ᠤᠭᠠᠷ ᠰᠠᠷ ᠠ ᠶᠢᠨ 8 ᠤ ᠡᠳᠦᠷ ᠪᠠᠢᠭᠠᠯ ᠤᠨ ᠲᠡᠦᠬᠡ ᠶᠢᠨ ᠮᠦᠽᠧᠢ ᠶᠢᠨ ᠵᠠᠬᠢᠷᠤᠯ᠂ ᠳ᠋ᠣᠺᠲ᠋ᠣᠷ ᠨ ∙ ᠮᠠᠴᠤᠤᠶᠢ᠂ ᠦᠵᠡᠭᠦᠯᠦᠯᠭᠡ᠂ ᠦᠵᠡᠰᠬᠦᠯᠡᠩ ᠦᠨ ᠬᠡᠯᠲᠡᠰ ᠦᠨ ᠳᠠᠷᠤᠭ ᠠ ᠣ᠊ ∙ ᠰᠣᠷᠢᠨᠵᠢᠩᠪᠣᠯᠣᠳ ᠨᠠᠷ ᠳᠠᠷᠠᠭᠠᠬᠢ ᠬᠣᠶᠠᠷ ᠴᠢᠬᠤᠯᠠ ᠠᠭᠤᠯᠵᠠᠯᠲᠠ ᠶᠢ ᠵᠣᠬᠢᠶᠠᠨ ᠪᠠᠢᠭᠤᠯᠤᠯ ᠠ᠃
ᠡᠷᠳᠡᠮ ᠰᠢᠨᠵᠢᠯᠡᠭᠡ᠂ ᠰᠤᠳᠤᠯᠭᠠᠨ ᠤ ᠬᠠᠮᠲᠤ ᠶᠢᠨ ᠠᠵᠢᠯᠯᠠᠭ ᠠ
ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠷᠧᠺᠲ᠋ᠣᠷ ᠪ ∙ ᠣᠴᠢᠷᠬᠤᠶᠠᠭ᠂ ᠰᠤᠳᠤᠯᠭ ᠠ᠂ ᠬᠠᠮᠲᠤ ᠶᠢᠨ ᠠᠵᠢᠯᠯᠠᠭ ᠠ ᠪᠠᠨ ᠡᠷᠬᠢᠯᠡᠭᠰᠡᠨ ᠫᠷᠣᠷᠧᠺᠲ᠋ᠣᠷ ᠰ ∙ ᠭᠣᠮᠪᠤᠪᠠᠭᠠᠲᠤᠷ ᠨᠠᠷ ᠲᠠᠢ ᠠᠭᠤᠯᠵᠠᠵᠤ᠂ ᠪᠠᠢᠭᠠᠯ ᠤᠨ ᠰᠢᠨᠵᠢᠯᠡᠬᠦ ᠤᠬᠠᠭᠠᠨ ᠤ ᠦᠨᠳᠦᠰᠦᠨ ᠦ ᠮᠦᠽᠧᠢ ᠶᠢᠨ ᠪᠦᠲᠦᠭᠡᠨ ᠪᠠᠢᠭᠤᠯᠤᠯᠲᠠ ᠶᠢᠨ ᠶᠠᠪᠤᠴᠠ᠂ ᠲᠥᠰᠥᠯ ᠦᠨ ᠵᠣᠷᠢᠯᠭ ᠠ᠂ ᠦᠷ ᠡ ᠳᠦᠩ ᠦᠨ ᠲᠠᠯ ᠠ ᠪᠠᠷ ᠲᠠᠨᠢᠯᠴᠠᠭᠤᠯᠤᠯ ᠠ᠃
ᠠᠭᠤᠯᠵᠠᠯᠲᠠ ᠪᠠᠷ ᠰᠢᠨᠵᠢᠯᠡᠬᠦ ᠤᠬᠠᠭᠠᠨ ᠳᠤ ᠰᠠᠭᠤᠷᠢᠯᠠᠭᠰᠠᠨ ᠮᠦᠽᠧᠢ ᠶᠢᠨ ᠦᠵᠡᠭᠦᠯᠦᠯᠭᠡ᠂ ᠦᠵᠡᠰᠬᠦᠯᠡᠩ ᠦᠨ ᠺᠣᠨᠲ᠋ᠧᠨᠲ ᠢ ᠪᠣᠯᠪᠠᠰᠤᠷᠠᠭᠤᠯᠬᠤ᠂ ᠰᠤᠳᠤᠯᠭᠠᠨ ᠤ ᠪᠠᠢᠭᠤᠯᠤᠯᠭ ᠠ ᠨᠤᠭᠤᠳ ᠤᠨ ᠡᠷᠳᠡᠮᠲᠡᠨ᠂ ᠫᠷᠣᠹᠧᠰᠰᠣᠷ ᠤᠳ ᠤᠨ ᠣᠷᠣᠯᠴᠠᠭ ᠠ ᠶᠢ ᠬᠠᠩᠭᠠᠬᠤ᠂ ᠬᠠᠮᠲᠤᠷᠠᠭᠰᠠᠨ ᠰᠤᠳᠤᠯᠭ ᠠ᠂ ᠰᠢᠨᠵᠢᠯᠡᠬᠦ ᠤᠬᠠᠭᠠᠨ ᠤ ᠨᠡᠭᠡᠭᠡᠯᠲᠡ ᠶᠢ ᠣᠯᠠᠨ ᠨᠡᠢᠲᠡ ᠳᠦ ᠲᠠᠨᠢᠭᠤᠯᠬᠤ ᠴᠢᠭᠯᠡᠯ ᠢᠶᠡᠷ ᠬᠠᠮᠲᠤᠷᠠᠨ ᠠᠵᠢᠯᠯᠠᠬᠤ ᠪᠣᠯᠤᠮᠵᠢ ᠶᠢ ᠬᠡᠯᠡᠯᠴᠡᠪᠡ᠃
ᠮᠥᠨ ᠪᠠᠢᠭᠠᠯ ᠤᠨ ᠰᠢᠨᠵᠢᠯᠡᠬᠦ ᠤᠬᠠᠭᠠᠨ ᠤ ᠰᠤᠷᠭᠠᠯᠲᠠ᠂ ᠰᠤᠳᠤᠯᠭᠠᠨ ᠤ ᠴᠢᠳᠠᠪᠬ ᠠ ᠶᠢ ᠮᠦᠽᠧᠢ ᠶᠢᠨ ᠤᠷᠴᠢᠨ ᠳᠤ ᠨᠢᠭᠡᠳᠬᠡᠨ ᠬᠥᠭᠵᠢᠭᠦᠯᠬᠦ᠂ ᠰᠤᠳᠤᠯᠭᠠᠨ ᠤ ᠦᠷ ᠡ ᠳᠦᠩ ᠢ ᠦᠵᠡᠭᠦᠯᠦᠨ ᠬᠡᠯᠪᠡᠷᠢ ᠪᠡᠷ ᠣᠯᠠᠨ ᠨᠡᠢᠲᠡ ᠳᠦ ᠬᠦᠷᠭᠡᠬᠦ ᠲᠣᠭᠲᠠᠯᠴᠠᠭ ᠠ ᠶᠢ ᠪᠤᠢ ᠪᠣᠯᠭᠠᠬᠤ ᠲᠠᠯ ᠠ ᠪᠠᠷ ᠰᠠᠨᠠᠯ ᠰᠣᠯᠢᠯᠴᠠᠭᠰᠠᠨ ᠶᠤᠮ᠃
ᠦᠵᠡᠭᠦᠯᠦᠯᠭᠡ᠂ ᠳᠢᠭᠯᠡᠯᠲᠡ ᠪᠣᠯᠤᠨ ᠲᠧᠭᠨᠣᠯᠣᠭᠢ ᠶᠢᠨ ᠬᠥᠭᠵᠢᠯ ᠦᠨ ᠬᠠᠮᠲᠤ ᠶᠢᠨ ᠠᠵᠢᠯᠯᠠᠭ ᠠ
ᠶᠠᠫᠣᠨ ᠤᠯᠤᠰ ᠤᠨ ᠰᠠᠨᠺᠣ ᠮᠠᠷᠺᠧᠲ᠋ᠢᠩ ᠮᠣᠩᠭᠣᠯᠢᠶᠠ ᠬᠬᠺ ᠦᠨ ᠪᠢᠽᠢᠨ᠋ᠧᠰ ᠬᠠᠷᠢᠭᠤᠴᠠᠭᠰᠠᠨ ᠵᠠᠬᠢᠷᠤᠯ ᠮ ∙ ᠮᠥᠩᠬᠡᠪᠠᠲᠤ᠂ ᠮᠧᠨᠧᠵᠧᠷ ᠭ ∙ ᠥᠭᠡᠳᠡᠢ ᠨᠠᠷ ᠲᠠᠢ ᠠᠭᠤᠯᠵᠠᠵᠤ᠂ ᠲᠥᠷᠥ ᠶᠢᠨ ᠪᠠᠢᠭᠤᠯᠤᠯᠭ ᠠ ᠪᠠ ᠬᠤᠪ ᠤᠨ ᠬᠡᠪᠰᠢᠯ ᠦᠨ ᠲᠦᠩᠰᠢᠯᠡᠯ ᠢ ᠰᠢᠨ ᠡ ᠮᠦᠽᠧᠢ ᠶᠢᠨ ᠦᠵᠡᠭᠦᠯᠦᠯᠭᠡ᠂ ᠳᠢᠭᠯᠡᠯᠲᠡ᠂ ᠲᠧᠭᠨᠣᠯᠣᠭᠢ ᠶᠢᠨ ᠰᠢᠢᠳᠦᠯ ᠳᠦ ᠤᠶᠠᠯᠳᠤᠭᠤᠯᠬᠤ ᠪᠣᠯᠤᠮᠵᠢ ᠶᠢ ᠬᠡᠯᠡᠯᠴᠡᠯ ᠡ᠃
ᠠᠭᠤᠯᠵᠠᠯᠲᠠ ᠶᠢᠨ ᠦᠶ ᠡ ᠪᠡᠷ ᠣᠷᠴᠢᠨ ᠦᠶ ᠡ ᠶᠢᠨ ᠮᠦᠽᠧᠢ ᠶᠢᠨ ᠲᠧᠭᠨᠣᠯᠣᠭᠢ᠂ ᠳ᠋ᠢᠵᠢᠲᠠᠯ ᠠ ᠰᠢᠢᠳᠦᠯ᠂ ᠮᠤᠯᠲ᠋ᠢᠮᠧᠳᠢᠶᠠ ᠦᠵᠡᠭᠦᠯᠦᠨ᠂ ᠤᠬᠠᠭᠠᠯᠢᠭ ᠲᠠᠨᠢᠯᠴᠠᠭᠤᠯᠭ ᠠ ᠵᠡᠷᠭᠡ ᠰᠢᠨ ᠡ ᠬᠠᠨᠳᠤᠯᠭ ᠠ ᠶᠢ ᠨᠡᠪᠲᠡᠷᠡᠭᠦᠯᠬᠦ᠂ ᠮᠦᠽᠧᠢ ᠶᠢᠨ ᠳᠣᠲᠣᠭᠠᠳᠤ ᠣᠷᠴᠢᠨ ᠢ ᠣᠯᠠᠨ ᠤᠯᠤᠰ ᠤᠨ ᠵᠢᠱᠢᠭ ᠲᠦ ᠨᠡᠢᠴᠡᠭᠦᠯᠬᠦ ᠲᠠᠯ ᠠ ᠪᠠᠷ ᠲᠣᠳᠣᠷᠬᠠᠢ ᠰᠠᠨᠠᠯ ᠤᠳ ᠢ ᠭᠠᠷᠭᠠᠪᠠ᠃
ᠡᠳᠡᠭᠡᠷ ᠠᠭᠤᠯᠵᠠᠯᠲᠠ ᠨᠤᠭᠤᠳ ᠨᠢ ᠪᠠᠢᠭᠠᠯ ᠤᠨ ᠰᠢᠨᠵᠢᠯᠡᠬᠦ ᠤᠬᠠᠭᠠᠨ ᠤ ᠦᠨᠳᠦᠰᠦᠨ ᠦ ᠮᠦᠽᠧᠢ ᠶᠢ ᠰᠢᠨᠵᠢᠯᠡᠬᠦ ᠤᠬᠠᠭᠠᠨ ᠤ ᠦᠨᠳᠦᠰᠦ ᠲᠡᠢ᠂ ᠣᠷᠴᠢᠨ ᠦᠶ ᠡ ᠶᠢᠨ ᠲᠧᠺᠨᠣᠯᠣᠭᠢ ᠳᠤ ᠲᠤᠯᠭᠠᠭᠤᠷᠢᠯᠠᠭᠰᠠᠨ᠂ ᠣᠯᠠᠨ ᠤᠯᠤᠰ ᠤᠨ ᠲᠦᠪᠰᠢᠨ ᠦ ᠦᠵᠡᠭᠦᠯᠦᠯᠭᠡ᠂ ᠦᠵᠡᠰᠬᠦᠯᠡᠩ ᠦᠨ ᠣᠷᠴᠢᠨ ᠪᠦᠷᠢᠳᠦᠭᠦᠯᠬᠦ ᠳᠦ ᠴᠢᠭᠯᠡᠭᠰᠡᠨ ᠴᠢᠬᠤᠯᠠ ᠠᠯᠬᠤᠮ ᠪᠣᠯᠤᠯ ᠠ᠃