ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠪᠠᠢᠭᠤᠯᠤᠯᠭ ᠠ ᠶᠢᠨ ᠰᠤᠶᠤᠯ

᠒᠐᠒᠕ᠤᠨ ᠑᠐ᠰᠠᠷ᠎ᠠ ᠶᠢᠨ ᠒᠐

2025 ᠣᠨ ᠤ 10 ᠳ᠋ᠤᠭᠠᠷ ᠰᠠᠷ ᠠ ᠶᠢᠨ 3 ᠨ ᠠᠴᠠ 11 ᠳᠦᠭᠡᠷ ᠰᠠᠷ ᠠ ᠶᠢᠨ 3 ᠤ ᠬᠣᠭᠣᠷᠣᠨᠳᠣ ᠤᠯᠤᠰ ᠣᠷᠣᠨ ᠳᠠᠶᠠᠭᠠᠷ ᠵᠣᠬᠢᠶᠠᠨ ᠪᠠᠢᠭᠤᠯᠵᠤ ᠪᠤᠢ ᠰᠤᠶᠤᠯ ᠲᠦᠭᠡᠭᠡᠶ ᠡ᠂ ᠰᠤᠶᠤᠯ ᠤᠨ ᠣᠷᠣᠨ ᠵᠠᠢ-ᠪᠢᠳᠡᠨ ᠦ ᠪᠦᠲᠦᠭᠡᠯᠴᠢ ᠣᠷᠴᠢᠨ ᠠᠶᠠᠨ ᠤ ᠬᠦᠷᠢᠶᠡᠨ ᠳᠦ ᠪᠠᠢᠭᠠᠯ ᠤᠨ ᠲᠡᠦᠬᠡ ᠶᠢᠨ ᠮᠦᠽᠧᠢ ᠶᠢᠨ 《ᠪᠠᠢᠭᠤᠯᠤᠯᠭ ᠠ ᠶᠢᠨ ᠰᠤᠶᠤᠯ》 ᠠᠴᠠ ᠲᠠ ᠪᠦᠬᠦᠨ ᠳᠦ ᠴᠤᠪᠤᠷᠠᠯ ᠢᠶᠠᠷ ᠲᠠᠨᠢᠯᠴᠠᠭᠤᠯᠵᠤ ᠪᠠᠢᠨ ᠠ᠃
ᠲᠦᠷᠦᠭᠰᠡᠨ ᠡᠳᠦᠷ ᠦᠨ ᠮᠡᠨᠳᠦᠴᠢᠯᠡᠭᠡ
2023 ᠣᠨ ᠤ 1 ᠳᠦᠭᠡᠷ ᠰᠠᠷ ᠠ ᠶᠢᠨ 1 ᠦ ᠡᠳᠦᠷ ᠡᠴᠡ ᠡᠬᠢᠯᠡᠨ ᠪᠠᠢᠭᠤᠯᠤᠯᠭ ᠠ ᠶᠢᠨ ᠠᠯᠪᠠᠨ ᠬᠠᠭᠠᠭᠴᠢᠳ ᠲᠤ ᠲᠦᠷᠦᠭᠰᠡᠨ ᠡᠳᠦᠷ ᠦᠨ ᠮᠡᠨᠳᠦ ᠬᠦᠷᠭᠡᠨ ᠲᠤᠬᠠᠢ ᠶᠢᠨ ᠰᠠᠷ ᠠ ᠳᠤ ᠲᠦᠷᠦᠭᠰᠡᠨ ᠬᠦᠮᠦᠰ ᠲᠦ ᠵᠣᠷᠢᠭᠤᠯᠤᠨ ᠮᠡᠨᠳᠦᠴᠢᠯᠡᠭᠡ ᠢᠯᠡᠭᠡᠬᠦ᠂ ᠰᠤᠶᠤᠯ ᠤᠷᠠᠯᠢᠭ ᠤᠨ ᠪᠠᠢᠭᠤᠯᠤᠯᠭ ᠠ ᠶᠢᠨ ᠬᠠᠮᠲᠤ ᠶᠢᠨ ᠠᠵᠢᠯᠯᠠᠭᠠᠨ ᠤ ᠬᠦᠷᠢᠶᠡᠨ ᠳᠦ УДЭТ ᠲᠠᠢ ᠬᠠᠮᠲᠤᠷᠠᠨ ᠵᠦᠵᠦᠭᠡ ᠶᠢᠨ ᠤᠷᠢᠯᠭ ᠠ ᠥᠭᠴᠦ ᠡᠬᠢᠯᠡᠭᠰᠡᠨ᠃
ᠥᠷᠯᠥᠭᠡᠨ ᠦ ᠢᠨᠢᠶᠡᠮᠰᠦᠭᠯᠡᠯ
2025 ᠣᠨ ᠤ 8 ᠳ᠋ᠤᠭᠠᠷ ᠰᠠᠷ ᠠ ᠠᠴᠠ ᠡᠬᠢᠯᠡᠨ ᠬᠡᠯᠲᠡᠰ ᠦᠨ ᠳᠠᠷᠤᠭ ᠠ᠂ ҮЭ ᠦᠨ ᠬᠣᠷᠢᠶ ᠠ ᠪᠣᠯᠤᠨ ᠪᠤᠰᠤᠳ ᠵᠥᠪᠯᠡᠯ ᠦᠨ ᠳᠠᠷᠤᠭ ᠠ ᠨᠠᠷ ᠮᠦᠽᠧᠢ ᠶᠢᠨ ᠵᠠᠬᠢᠷᠤᠯ ᠤᠨ ᠬᠠᠮᠲᠤ ᠪᠠᠷ ᠠᠯᠪᠠᠨ ᠬᠠᠭᠠᠭᠴᠢᠳ ᠢᠶᠠᠨ ᠥᠷᠯᠥᠭᠡ ᠪᠦᠷᠢ ᠢᠨᠢᠶᠡᠮᠰᠦᠭᠯᠡᠨ ᠤᠭᠲᠤᠵᠤ ᠮᠡᠨᠳᠦᠴᠢᠯᠡᠳᠡᠭ ᠪᠣᠯᠤᠭᠰᠠᠨ᠃
Coffee time
2025 ᠣᠨ ᠤ 8 ᠳ᠋ᠤᠭᠠᠷ ᠰᠠᠷ ᠠ ᠠᠴᠠ ᠡᠬᠢᠯᠡᠨ 14 ᠬᠣᠨᠣᠭ ᠲᠤ ᠨᠢᠭᠡ ᠤᠳᠠᠭ ᠠ ᡀᠠᠭᠪᠠ ᠭᠠᠷᠠᠭ ᠲᠤ 8᠄30 ᠴᠠᠭ ᠲᠤ ᠥᠷᠯᠥᠭᠡᠨ ᠦ ᠺᠣᠹᠧ᠂ ᠴᠠᠢ ᠶᠢ ᠬᠠᠮᠲᠤ ᠳᠤ ᠪᠠᠨ ᠤᠤᠭᠤᠵᠤ 《ᠰᠠᠯᠪᠤᠷᠢ ᠪᠦᠷᠢ ᠶᠢᠨ ᠳ᠋ᠣᠺᠲ᠋ᠣᠷ ᠤᠳ ᠡᠷᠳᠡᠮ ᠦᠨ ᠵᠡᠷᠭᠡ ᠭᠣᠷᠢᠯᠠᠭᠰᠠᠨ ᠰᠤᠳᠤᠯᠭᠠᠨ ᠤ ᠠᠵᠢᠯ ᠤᠨ ᠲᠤᠬᠠᠢ ᠲᠠᠨᠢᠯᠴᠠᠭᠤᠯᠵᠤ ᠵᠠᠯᠠᠭᠤᠴᠤᠳ ᠲᠤ ᠲᠤᠷᠰᠢᠯᠭ ᠠ ᠪᠠᠨ ᠬᠤᠪᠢᠶᠠᠯᠴᠠᠬᠤ》᠂ 《ᠴᠠᠭ ᠦᠶ ᠡ ᠲᠡᠢ ᠬᠣᠯᠪᠣᠭᠳᠠᠭᠰᠠᠨ ᠠᠵᠢᠯ ᠤᠨ ᠲᠠᠯᠠᠭᠠᠷᠬᠢ ᠬᠠᠯᠠᠭᠤᠨ ᠳᠤᠯᠠᠭᠠᠨ ᠶᠠᠷᠢᠶ ᠠ ᠥᠷᠨᠢᠭᠦᠯᠬᠦ》 ᠭᠡᠬᠦ ᠮᠡᠲᠦ ᠠᠭᠤᠯᠭ ᠠ ᠶᠢᠨ ᠬᠦᠷᠢᠶᠡᠨ ᠳᠦ ᠨᠡᠭᠡᠭᠡᠯᠲᠡ ᠲᠡᠢ ᠶᠠᠷᠢᠯᠴᠠᠵᠤ ᠪᠠᠢᠨ ᠠ᠃ ᠡᠨᠡ ᠴᠠᠭ ᠢ ᠬᠡᠯᠲᠡᠰ ᠪᠦᠷᠢ ᠬᠠᠷᠢᠭᠤᠴᠠᠨ ᠠᠯᠪᠠᠨ ᠬᠠᠭᠠᠭᠴᠢᠳ ᠢ ᠬᠠᠮᠤᠷᠤᠭᠤᠯᠵᠤ᠂ ᠰᠡᠳᠦᠪ ᠢ ᠲᠣᠳᠣᠷᠬᠠᠢᠯᠠᠳᠠᠭ ᠶᠤᠮ᠃
#ᠰᠤᠶᠤᠯ ᠲᠦᠭᠡᠭᠡᠶ ᠡ
#ᠰᠤᠶᠤᠯ ᠤᠨ ᠣᠷᠣᠨ ᠵᠠᠢ ᠪᠢᠳᠡᠨ ᠦ ᠪᠦᠲᠦᠭᠡᠯᠴᠢ ᠣᠷᠴᠢᠨ ᠠᠶᠠᠨ 2025

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ