
ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠰᠢᠨ ᠡ ᠪᠦᠲᠦᢉᠡᠨ ᠪᠠᠶᠢᠭᠤᠯᠤᠯᠲᠠ ᠪᠣᠯᠬᠤ᠂ ᠪᠣᠭᠳᠠᠬᠠᠨ ᠠᠭᠤᠯᠠᠨ ᠤ᠋ ᠳᠠᠷᠬᠠᠨ ᠴᠠᠭᠠᠵᠠᠲᠤ ᠭᠠᠵᠠᠷ ᠤ᠋ᠨ “ᠶᠡᢈᠡ ᠲᠩᠷᠢ ᠶ᠋ᠢᠨ ᠠᠮᠠ”- ᠳ᠋ᠤ ᠪᠠᠶᠢᠷᠢᠯᠠᠬᠤ ᠮᠣᠩᠭᠣᠯ ᠤᠯᠤᠰ ᠤ᠋ᠨ ᠮᠦᠽᠧᠢ ᠶ᠋ᠢᠨ ᠰᠠᠯᠪᠤᠷᠢ ᠶ᠋ᠢᠨ ᠲᠡᠦᢈᠡᠨ ᠳ᠋ᠡᢈᠢ ᠬᠠᠮᠤᠭ ᠤ᠋ᠨ ᠲᠣᠮᠤᠬᠠᠨ ᠪᠦᠲᠦᢉᠡᠨ ᠪᠠᠶᠢᠭᠤᠯᠤᠯᠲᠠ ᠪᠣᠯᠬᠤ ᠔᠑᠂᠗᠕᠗᠂᠖ ᠮ² ᠲᠠᠯᠠᠪᠠᠢ ᠪᠦᢈᠦᠢ “ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ” ᠪᠠᠷᠢᠭᠳᠠᠵᠤ ᠪᠠᠶᠢᠨ ᠠ᠃ ᠲᠤᠰ ᠮᠦᠽᠧᠢ ᠨᠢ ᠣᠷᠤᠯᠴᠠᠭᠠᠨ ᠳ᠋ᠤ ᠰᠠᠭᠤᠷᠢᠯᠠᠭᠰᠠᠨ ᠰᠣᠶᠤᠯ᠂ ᠰᠢᠨᠵᠢᠯᠡᢈᠦ ᠤᠬᠠᠭᠠᠨ ᠤ᠋ ᠣᠷᠴᠢᠨ ᠢ᠋ ᠪᠦᠷᠢᠳᠦᢉᠦᠯᠵᠦ᠂ ᢈᠡᠦᢈᠡᠳ᠂ ᠵᠠᠯᠠᠭᠤᠴᠤᠳ ᠤ᠋ᠨ ᠪᠣᠯᠪᠠᠰᠤᠷᠠᠯ ᠢ᠋ ᠳᠡᠮᠵᠢᢈᠦ ᠦᠨᠳᠦᠰᠦᠨ ᠦ᠋ ᢈᠡᠮᠵᠢᠶᠡᠨ ᠦ᠋ ᠲᠥᠪ ᠪᠣᠯᠬᠤ ᠵᠣᠷᠢᠯᠭ ᠠ ᠲᠠᠢ ᠶᠤᠮ᠃
ᠮᠦᠽᠧᠢ ᠶ᠋ᠢᠨ ᢈᠥᢉᠵᠢᠯ ᠦ᠋ᠨ ᠪᠣᠳᠤᠯᠭ ᠠ᠂ ᠲᠥᠯᠦᠪᠯᠡᠯᠲᠡ ᠶ᠋ᠢ ᠣᠯᠠᠨ ᠤᠯᠤᠰ ᠤ᠋ᠨ ᠵᠢᠱᠢᢉ ᠲᠦ ᠨᠡᠶᠢᠴᠡᢉᠦᠯᢈᠦ ᠵᠣᠷᠢᠯᠭ ᠠ ᠪᠠᠷ ᠳᠡᠯᠡᢈᠡᠢ ᠳ᠋ᠦ ᠨᠡᠷ ᠡ ᢈᠦᠨᠳᠦ ᠲᠡᠢ ᠪᠠᠶᠢᠭᠤᠯᠤᠯᠭ ᠠ ᠠ᠋ᠴᠠ ᠵᠥᠪᠯᠡᢈᠦ ᠦᠢᠯᠡᠴᠢᠯᠡᢉᠡ ᠠᠪᠬᠤ ᠪᠠᠷ ᠰᠢᠢᠳᠪᠦᠷᠢᠯᠡᠨ ᠰᠤᠳᠤᠯᠭ ᠠ ᠶᠠᠪᠤᠭᠤᠯᠤᠭᠰᠠᠨ ᠤ᠋ ᠦᠨᠳᠦᠰᠦᠨ ᠳᠡᢉᠡᠷ ᠡ ᠰᠣᠶᠤᠯ ᠤ᠋ᠨ ᠪᠠᠶᠢᠭᠤᠯᠤᠯᠭ ᠠ ᠶ᠋ᠢᠨ ᠲᠥᠯᠦᠪᠯᠡᠯᠲᠡ᠂ ᠰᠲ᠋ᠷᠠᠲ᠋ᠧᢉᠢ᠂ ᠦᠵᠡᢉᠦᠯᠦᠯᢉᠡ ᠳᠢᢉᠯᠡᠯᠲᠡ ᠶ᠋ᠢᠨ ᠴᠢᢉᠯᠡᠯ ᠢ᠋ᠶᠡᠷ ᠠᠷᠪᠢᠨ ᠲᠤᠷᠰᠢᠯᠭᠠᠲᠠᠢ᠂ ᠠᠨᠤ- ᠳ᠋ᠤ ᠲᠥᠪ ᠲᠡᠢ “ᠯᠣᠷᠳ ᠻᠦᠯᠲ᠋ᠦᠷᠠᠯ ᠷᠧᠰᠣᠷᠰᠧᠰ” ᠻᠣᠮᠫᠠᠨᠢ ᠶ᠋ᠢ ᠰᠣᠩᠭᠤᠨ ᠰᠢᠯᠭᠠᠷᠠᠭᠤᠯᠵᠤ᠂ ᠒᠐᠒᠕ ᠣᠨ ᠤ᠋ ᠕ ᠳ᠋ᠤᠭᠠᠷ ᠰᠠᠷ ᠠ ᠶ᠋ᠢᠨ ᠒᠘-ᠨ ᠤ᠋ ᠡᠳᠦᠷ ᠬᠠᠮᠲᠤᠷᠠᠨ ᠠᠵᠢᠯᠯᠠᠬᠤ ᢉᠡᠷ ᠡ ᠶ᠋ᠢ ᠪᠠᠶᠢᠭᠤᠯᠤᠭᠰᠠᠨ᠃ ᠬᠠᠮᠲᠤ ᠶ᠋ᠢᠨ ᠠᠵᠢᠯᠯᠠᠭᠠᠨ ᠤ᠋ ᢈᠦᠷᠢᠶᠡᠨ ᠳ᠋ᠦ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠶ᠋ᠢᠨ ᢈᠥᢉᠵᠢᠯ ᠦ᠋ᠨ ᠰᠲ᠋ᠷᠠᠲ᠋ᠧᢉᠢ ᠶ᠋ᠢᠨ ᠴᠢᢉ ᠬᠠᠨᠳᠤᠯᠭ ᠠ᠂ᠲᠡᠷᠢᢉᠦᠯᠡᢈᠦ ᠵᠣᠷᠢᠯᠲᠠ᠂ ᠮᠦᠽᠧᠢ ᠶ᠋ᠢᠨ ᠡᠷᢈᠢᠮ ᠵᠣᠷᠢᠯᠭ ᠠ ᠶ᠋ᠢ ᠥᠷᢉᠡᠨ ᢈᠦᠷᠢᠶᠡᠨ ᠳ᠋ᠦ ᠲᠣᠳᠤᠷᠬᠠᠶᠢᠯᠠᠵᠤ᠂ ᠡᢉᠦᠨ ᠦ᠋ ᠦᠨᠳᠦᠰᠦᠨ ᠳᠡᢉᠡᠷ ᠡ ᠮᠦᠽᠧᠢ ᠶ᠋ᠢᠨ ᠦᠵᠡᠯ ᠪᠠᠷᠢᠮᠲᠠᠯᠠᠯ᠂ ᠦᠵᠡᠮᠦᠷᠢ ᠴᠤᠭᠯᠠᠭᠤᠯᠭ ᠠ ᠶ᠋ᠢᠨ ᠪᠣᠳᠤᠯᠭ ᠠ ᠶ᠋ᠢ ᠮᠣᠩᠭᠣᠯ ᠤᠯᠤᠰ ᠤ᠋ᠨ ᠨᠢᢉᠡᠳᠦᠨ ᠣᠷᠤᠭᠰᠠᠨ ᠣᠯᠠᠨ ᠤᠯᠤᠰ ᠤ᠋ᠨ ᢉᠡᠷ ᠡ᠂ᠻᠣᠨᠸᠧᠨᠼ᠂ ᠣᠯᠠᠨ ᠤᠯᠤᠰ ᠤ᠋ᠨ ᠮᠦᠽᠧᠢ ᠶ᠋ᠢᠨ ᠵᠥᠪᠯᠡᠯ (ICOM)-ᠡᠶᠢᠨ ᠰᠲ᠋ᠠᠨ᠋ᠳᠠᠷᠲ᠂ ᠵᠥᠪᠯᠡᠮᠵᠢ ᠨᠦ᠋ᢉᠦᠳ ᠪᠣᠯᠤᠨ ᠮᠣᠩᠭᠣᠯ ᠤᠯᠤᠰ ᠤ᠋ᠨ ᠰᠣᠶᠤᠯ ᠤ᠋ᠨ ᠥᠪ ᠢ᠋ ᠬᠠᠮᠠᠭᠠᠯᠠᠬᠤ ᠡᠷᢈᠡ ᠵᠦᠢ ᠶ᠋ᠢᠨ ᠲᠣᠭᠲᠠᠯᠴᠠᠭ ᠠ ᠲᠠᠢ ᠤᠶᠠᠯᠳᠤᠭᠤᠯᠤᠨ ᠪᠣᠯᠪᠠᠰᠤᠷᠠᠭᠤᠯᠤᠭᠰᠠᠨ ᠵᠥᠪᠯᠡᠮᠵᠢ ᠪᠦᢈᠦᠢ ᢉᠦᠢᠴᠡᠳᢈᠡᠯ ᠦ᠋ᠨ ᠲᠠᠶᠢᠯᠤᠨ ᠢ᠋ ᠪᠣᠯᠪᠠᠰᠤᠷᠠᠭᠤᠯᠵᠤ᠂ ᠬᠣᠯᠪᠤᠭᠳᠠᠬᠤ ᠪᠠᠶᠢᠭᠤᠯᠤᠯᠭ ᠠ ᠨᠤᠭᠤᠳ ᠲᠤ ᠠᠯᠪᠠᠨ ᠶᠣᠰᠤᠭᠠᠷ ᢈᠦᠯᠢᠶᠡᠯᢉᠡᠨ ᠥᢉᢉᠦᠯ ᠡ᠃
ᢉᠦᠢᠴᠡᠳᢈᠡᠯ ᠦ᠋ᠨ ᠲᠠᠶᠢᠯᠤᠨ ᠢ᠋ ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ ᠪᠠᠷᠢᠯᠭ ᠠ ᠠᠰᠢᠭᠯᠠᠯᠲᠠ ᠶ᠋ᠢᠨ ᠡᠮᠦᠨᠡᢈᠢ ᠵᠠᢈᠢᠷᠭᠠᠨ ᠳ᠋ᠤ “ᠯᠣᠷᠳ ᠻᠦᠯᠲ᠋ᠦᠷᠠᠯ ᠷᠧᠰᠣᠷᠰᠧᠰ” ᠻᠣᠮᠫᠠᠨᠢ ᠶ᠋ᠢᠨ ᠳᠡᠳ᠋ ᠶᠡᠷᠦᠩᢈᠡᠶᠢᠯᠡᢉᠴᠢ ᠷᠣᠪᠧᠷ ᠲᠤ ᠯᠠᠮᠠᠷᠠ᠂ ᠻᠣᠨ᠋ᠲ᠋ᠧᠨ᠋ᠲ ᢈᠥᢉᠵᠢᢉᠦᠯᠦᢉᠴᠢ ᠢᠸᠣᠨ᠋ ᠲᠠᠩ ᠢ᠋᠂ ᠮᠣᠩᠭᠣᠯ ᠤ᠋ᠨ ᠲᠠᠯ ᠠ ᠶ᠋ᠢᠨ ᠵᠥᠪᠯᠡᢈᠦ ᠪ᠂ ᠨᠣᠮᠢᠨᠲᠤᠶᠠᠭ ᠠ ᠨᠠᠷ ᠲᠠᠨᠢᠯᠴᠠᠭᠤᠯᠵᠤ᠂ ᢈᠦᠯᠢᠶᠡᠯᢉᠡᠨ ᠥᢉᢉᠦᢉᠰᠡᠨ ᠶᠤᠮ᠃ ᠵᠥᠪᠯᠡᢈᠦ ᠦᠶᠢᠯᠡᠴᠢᠯᠡᢉᠡ ᠳᠠᠷᠠᠭᠠᢈᠢ ᠳᠥᠷᠪᠡᠨ ᠦᠨᠳᠦᠰᠦᠨ ᠪᠠᠭᠴᠠ ᠠᠵᠢᠯ ᠤ᠋ᠨ ᢈᠦᠷᠢᠶ ᠡᠨ ᠳ᠋ᠦ ᢈᠡᠷᠡᢉᠵᠢᢉᠰᠡᠨ᠃
ᠡᢉᠦᠨ ᠳ᠋ᠦ:
ᠮᠦᠽᠧᠢ ᠶ᠋ᠢᠨ ᠦᠵᠡᠯ ᠪᠠᠷᠢᠮᠲᠠᠯᠠᠯ ᠤ᠋ᠨ ᠵᠥᠪᠯᠡᠮᠵᠢ᠂ ᠪᠠᠶᠢᠭᠤᠯᠤᠯᠭ ᠠ ᠶ᠋ᠢᠨ ᠰᠲ᠋ᠷᠠᠲ᠋ᠧᢉᠢ ᠶ᠋ᠢᠨ ᠲᠣᠶᠢᠮᠤ
ᠮᠦᠽᠧᠢ ᠶ᠋ᠢᠨ ᠪᠠᠷᠢᠯᠭ ᠠ ᠪᠠᠶᠢᠭᠤᠯᠤᠮᠵᠢ ᠶ᠋ᠢᠨ ᠣᠷᠤᠨ ᠵᠠᠢ ᠶ᠋ᠢᠨ ᠦᠨᠡᠯᠡᢉᠡ᠂ᠵᠥᠪᠯᠡᠮᠵᠢ
ᠮᠦᠽᠧᠢ ᠶ᠋ᠢᠨ ᠦᠵᠡᢉᠦᠯᠦᠯᢉᠡ ᠳᠢᢉᠯᠡᠯᠲᠡ ᠶ᠋ᠢᠨ ᠠᠭᠤᠯᠭ ᠠ ᠶ᠋ᠢ ᠲᠣᠳᠤᠷᠬᠠᠶᠢᠯᠠᠬᠤ ᠰᠤᠳᠤᠯᠭ ᠠ᠂ᢈᠥᢉᠵᠢᢉᠦᠯᠦᠯᠲᠡ
ᠮᠦᠽᠧᠢ ᠶ᠋ᠢᠨ ᠦᠵᠡᢉᠦᠯᠦᠯᢉᠡ ᠳᠢᢉᠯᠡᠯᠲᠡ ᠶ᠋ᠢᠨ ᠳ᠋ᠢᠽᠠᠶᠢᠨ᠋ ᠤ᠋ ᠲᠥᠯᠦᠪᠯᠡᢉᠡ᠂
ᢈᠥᠷᠦᠩᢉᠡ ᠣᠷᠤᠭᠤᠯᠤᠯᠲᠠ ᠶ᠋ᠢᠨ ᠲᠣᠭᠠᠴᠠᠭ ᠠ ᠡᠳᠡᢉᠡᠷ ᠵᠥᠪᠯᠡᠮᠵᠢ᠂ ᠰᠤᠳᠤᠯᠭᠠᠨ ᠤ᠋ ᠦᠷ ᠡ ᠳ᠋ᠦᠩ ᠨᠢ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠶ᠋ᠢᠨ ᠴᠠᠭᠠᠰᠢᠳᠠ ᠶ᠋ᠢᠨ ᢈᠥᢉᠵᠢᠯ ᠦ᠋ᠨ ᠪᠣᠳᠤᠯᠭ ᠠ᠂ᠦᠵᠡᢉᠦᠯᠦᠯᢉᠡ ᠳᠢᢉᠯᠡᠯᠲᠡ ᠶ᠋ᠢᠨ ᠰᠢᠢᠳᠦᠯ᠂ ᠦᠢᠯᠡ ᠠᠵᠢᠯᠯᠠᠭᠠᠨ ᠤ᠋ ᠲᠥᠯᠦᠪᠯᠡᠯᠲᠡ ᠶ᠋ᠢ ᠣᠯᠠᠨ ᠤᠯᠤᠰ ᠤ᠋ᠨ ᠰᠲ᠋ᠠᠨ᠋ᠳᠠᠷᠲ ᠲᠤ ᠨᠡᠶᠢᠴᠡᢉᠦᠯᠦᠨ ᢈᠡᠷᠡᢉᠵᠢᢉᠦᠯᢈᠦ ᠳ᠋ᠦ ᠴᠢᠬᠤᠯᠠ ᠠᠴᠢ ᠬᠣᠯᠪᠤᠭᠳᠠᠯ ᠲᠠᠢ ᠪᠣᠯᠤᠨ ᠠ᠃