ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ ᠠ ᠶ᠋ᠢᠨ ᠘᠐ ᠵᠢᠯ ᠦ᠋ᠨ ᠣᠢ ᠶ᠋ᠢᠨ ᠮᠡᠨᠳᠦ ᠳᠡᠪᠰᠢᢉᠦᠯᠦᠶ ᠡ

᠒᠐᠒᠕ᠤᠨ ᠑᠑ᠰᠠᠷ᠎ᠠ ᠶᠢᠨ ᠒᠔

ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ ᠠ ᠨᠢ ᠣᠯᠠᠨ ᠤᠯᠤᠰ ᠤ᠋ᠨ ᠬᠠᠤᠯᠢ᠂ ᠡᠳ᠋ ᠦ᠋ᠨ ᠵᠠᠰᠠᠭ ᠤ᠋ᠨ ᢈᠥᢉᠵᠢᠯ᠂ ᠠᠶᠤᠯ ᠦᢉᠡᠢ ᠪᠠᠶᠢᠳᠠᠯ᠂ ᠨᠡᠶᠢᢉᠡᠮ ᠦ᠋ᠨ ᠠᠰᠠᠭᠤᠳᠠᠯ ᠤ᠋ᠳ ᠪᠣᠯᠤᠨ ᢈᠦᠮᠦᠨ ᠦ᠋ ᠡᠷᢈᠡ ᠶ᠋ᠢᠨ ᠲᠠᠯᠠᠭᠠᠷ ᠬᠠᠮᠲᠤᠷᠠᠨ ᠠᠵᠢᠯᠯᠠᠬᠤ ᠵᠣᠷᠢᠯᠭ ᠠ ᠪᠦᢈᠦᠢ ᠵᠠᠰᠠᠭ ᠤ᠋ᠨ ᠭᠠᠵᠠᠷ ᠬᠣᠭᠤᠷᠤᠨᠳᠤ ᠶ᠋ᠢᠨ ᠣᠯᠠᠨ ᠤᠯᠤᠰ ᠤ᠋ᠨ ᠪᠠᠶᠢᠭᠤᠯᠤᠯᠭ ᠠ ᠶᠤᠮ᠃ ᠑᠙᠔᠕ ᠣᠨ ᠤ᠋ ᠑᠐-ᠷ ᠰᠠᠷ ᠠ ᠶ᠋ᠢᠨ ᠒᠔-ᠨᠳᠦ ᠠᠨᠤ- ᠤ᠋ᠨ ᠻᠠᠯᠢᠹᠤᠷᠨᠢ ᠮᠤᠵᠢ ᠤᠯᠤᠰ ᠤ᠋ᠨ ᠰᠠᠩ-ᠹᠷᠠᠨ᠋ᠼᠢᠰᠻᠣ ᠬᠣᠲᠠ ᠳ᠋ᠤ ᠕᠑ ᢉᠡᠰᠢᢉᠦᠨ ᠣᠷᠤᠨ ᠲᠠᠢ ᠪᠠᠷ ᠦᠨᠳᠦᠰᠦ ᠰᠠᠭᠤᠷᠢ ᠪᠠᠨ ᠲᠠᠯᠪᠢᠭᠰᠠᠨ ᠲᠡᠦᢈᠡ ᠲᠡᠢ᠃ ᠒᠐᠒᠔ ᠣᠨ ᠤ᠋ ᠪᠠᠶᠢᠳᠠᠯ ᠢ᠋ᠶᠠᠷ ᠨᠦᠪ- ᠤ᠋ᠨ ᠑᠙᠓ ᠣᠷᠤᠨ ᠢ᠋ ᠡᠩᠨᠡᢉᠡᠨ ᠳ᠋ᠦ ᠪᠡᠨ ᠨᠢᢉᠡᠳᢈᠡᢉᠡᠳ ᠪᠠᠶᠢᠭ ᠠ ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ ᠠ ᠶ᠋ᠢᠨ ᠲᠡᠦᢈᠡᠨ ᠘᠐ ᠵᠢᠯ ᠦ᠋ᠨ ᠣᠢ ᠥᠨᠦᠳᠦᠷ ᠲᠣᢈᠢᠶᠠᠵᠤ ᠪᠠᠶᠢᠨ ᠠ᠃ ᠮᠣᠩᠭᠤᠯ ᠤᠯᠤᠰ ᠑᠙᠖᠑ ᠣᠨ ᠳ᠋ᠤ ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ ᠠ (ᠨᠦᠪ)-ᠳ ᢉᠡᠰᠢᢉᠦᠨ ᠢ᠋ᠶᠡᠷ ᠡᠯᠰᠡᢉᠰᠡᠨ ᠡᠴᠡ ᠬᠣᠶᠢᠰᠢᢈᠢ ᠵᠢᠷᠠ ᠭᠠᠷᠤᠢ ᠵᠢᠯ ᠳ᠋ᠦ ᠨᠦᠪ ᠪᠣᠯᠤᠨ ᠮᠣᠩᠭᠣᠯ ᠤᠯᠤᠰ ᠬᠣᠭᠤᠷᠤᠨᠳᠤ ᠶ᠋ᠢᠨ ᠬᠠᠷᠢᠯᠴᠠᠭ ᠠ ᠪᠠᠲᠤᠵᠢᠨ ᠪᠡᢈᠢᠵᠢᠵᠦ᠂ ᠬᠠᠷᠢᠯᠴᠠᠨ ᠠᠰᠢᠭᠲᠠᠢ ᠲᠦᠩᠰᠢᠯᠡᠯ ᠢ᠋ ᢈᠥᢉᠵᠢᢉᠦᠯᠵᠦ ᠪᠠᠶᠢᠨ ᠠ᠃ ᠨᠦᠪ- ᠤ᠋ᠨ ᢈᠥᢉᠵᠢᠯ ᠦ᠋ᠨ ᠲᠤᠰᠠᠯᠠᠮᠵᠢ ᠶ᠋ᠢᠨ ᢈᠦᠷᠢᠶ ᠡ (ᠨᠦᠪᢈᠢᠲᠤᠬᠤ)-ᠭ ᠒᠐᠑᠗-᠒᠐᠒᠒ ᠣᠨ ᠳ᠋ᠤ ᠮᠣᠩᠭᠣᠯ ᠤᠯᠤᠰ ᠲᠤ ᠠᠮᠵᠢᠯᠲᠠᠲᠠᠢ ᢈᠡᠷᠡᢉᠵᠢᢉᠦᠯᠵᠦ ᠳᠠᠭᠤᠰᠤᠭᠰᠠᠨ ᠤ᠋ ᠳᠠᠷᠠᠭ ᠠ ᠪᠤᠶᠤ ᠒᠐᠒᠓ ᠣᠨ ᠳ᠋ᠤ ᠨᠦᠪ- ᠠ᠋ᠴᠠ ᠮᠣᠩᠭᠤᠯ ᠤᠯᠤᠰ ᠲᠤ ᠒᠐᠒᠓-᠒᠐᠒᠗ ᠣᠨ ᠳ᠋ᠤ ᢈᠡᠷᠡᢉᠵᠢᢉᠦᠯᢈᠦ ᠲᠣᠭᠲᠠᠪᠤᠷᠢ ᠲᠠᠢ ᢈᠥᢉᠵᠢᠯ ᠦ᠋ᠨ ᠬᠠᠮᠲᠤ ᠶ᠋ᠢᠨ ᠠᠵᠢᠯᠯᠠᠭᠠᠨ ᠤ᠋ ᢈᠦᠷᠢᠶ ᠡ (ᠨᠦᠪ- ᠤ᠋ᠨ ᠲᠬᠬᠠᠬᠤ) ᠪᠠᠷᠢᠮᠲᠠ ᠪᠢᠴᠢᢉ ᠢ᠋ ᠬᠠᠮᠲᠤᠷᠠᠨ ᠪᠠᠲᠤᠯᠠᠭᠰᠠᠨ ᠢ᠋ᠶᠠᠷ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠪᠣᠯᠤᠨ ᠨᠦᠪ ᠬᠣᠭᠤᠷᠤᠨᠳᠤ ᠶ᠋ᠢᠨ ᠬᠠᠮᠲᠤ ᠶ᠋ᠢᠨ ᠠᠵᠢᠯᠯᠠᠭᠠᠨ ᠤ᠋ ᠰᠢᠨ ᠡ ᠦᠶ ᠡ ᠱᠠᠲᠤ ᠶ᠋ᠢ ᠡᢈᠢᠯᠡᢉᠦᠯᠦᢉᠰᠡᠨ᠃ ᠨᠦᠪ- ᠤ᠋ᠨ ᠲᠬᠬᠠᠬᠤ ᠨᠢ ᠮᠣᠩᠭᠣᠯ ᠤᠯᠤᠰ ᠤ᠋ᠨ ᠤᠷᠲᠤ ᠬᠤᠭᠤᠴᠠᠭᠠᠨ ᠤ᠋ ᢈᠥᢉᠵᠢᠯ ᠦ᠋ᠨ ᠪᠣᠳᠤᠯᠭ ᠠ ᠠᠯᠤᠰ ᠤ᠋ᠨ ᠬᠠᠷᠠᠭ ᠠ ᠒᠐᠕᠐ ᠪᠣᠯᠤᠨ ᠲᠣᠭᠲᠠᠪᠤᠷᠢ ᠲᠠᠢ ᢈᠥᢉᠵᠢᠯ ᠦ᠋ᠨ ᠒᠐᠓᠐ ᢈᠥᠲᠦᠯᠪᠦᠷᠢ ᠶ᠋ᠢ ᢈᠡᠷᠡᢉᠵᠢᢉᠦᠯᢈᠦ ᢈᠦᠷᠢᠶᠡᠨ ᠳ᠋ᠦ ᠣᠯᠠᠨ ᠤᠯᠤᠰ ᠤ᠋ᠨ ᠬᠠᠮᠲᠤ ᠶ᠋ᠢᠨ ᠨᠡᠶᠢᢉᠡᠮᠯᠢᢉ ᠦ᠋ᠨ ᠡᠮᠦᠨ ᠡ ᢈᠦᠯᠢᠶᠡᢉᠰᠡᠨ ᠡᢉᠦᠷᢉᠡ ᠠᠮᠠᠯᠠᠯᠲᠠ ᠪᠠᠨ ᢈᠡᠷᠡᢉᠵᠢᢉᠦᠯᢈᠦ ᠳ᠋ᠦ ᠴᠢᢉᠯᠡᢉᠰᠡᠨ ᠲᠤᠰ ᠤᠯᠤᠰ ᠤ᠋ᠨ ᠦᠨᠳᠦᠰᠦᠨ ᠦ᠋ ᢈᠥᢉᠵᠢᠯ ᠦ᠋ᠨ ᢈᠥᠲᠦᠯᠪᠦᠷᠢ ᠨᠦ᠋ᢉᠦᠳ ᠲᠡᠢ ᠨᠢᠭᠲᠠ ᠤᠶᠠᠯᠳᠤᠭᠰᠠᠨ ᠪᠠᠷᠢᠮᠲᠠ ᠪᠢᠴᠢᢉ ᠶᠤᠮ᠃ ᠡᠨᠡ ᢈᠦ ᠲᠬᠬᠠᠬᠤ-ᠭ ᢈᠡᠷᠡᢉᠵᠢᢉᠦᠯᢈᠦ ᠳ᠋ᠦ ᠮᠣᠩᠭᠣᠯ ᠤᠯᠤᠰ ᠲᠤ ᠰᠠᠭᠤᠷᠢᠨ ᠪᠣᠯᠤᠨ ᠰᠠᠭᠤᠷᠢᠨ ᠪᠤᠰᠤ ᠦᠶᠢᠯᠡ ᠠᠵᠢᠯᠯᠠᠭ ᠠ ᠶᠠᠪᠤᠭᠤᠯᠵᠤ ᠪᠤᠢ ᠨᠦᠪ- ᠤ᠋ᠨ ᠰᠢᠰᠲ᠋ᠧᠮ ᠦ᠋ᠨ ᠒᠔ ᠪᠠᠶᠢᠭᠤᠯᠤᠯᠭ ᠠ ᠣᠷᠤᠯᠴᠠᠵᠤ ᠪᠠᠶᠢᠭ ᠠ ᠪᠥᢉᠡᠳ ᠳᠠᠷᠠᠭᠠᢈᠢ ᠰᠲ᠋ᠷᠠᠲ᠋ᠧᢉᠢ ᠶ᠋ᠢᠨ ᠲᠡᠷᠢᢉᠦᠯᠡᢈᠦ ᠵᠣᠷᠢᠯᠲᠠ ᠨᠤᠭᠤᠳ ᠤ᠋ᠨ ᢈᠦᠷᠢᠶᠡᠨ ᠳ᠋ᠦ ᠮᠣᠩᠭᠣᠯ ᠤᠯᠤᠰ ᠤ᠋ᠨ ᠲᠣᠭᠲᠠᠪᠤᠷᠢ ᠲᠠᠢ᠂ ᢈᠦᠷᠲᠡᢉᠡᠮᠵᠢ ᠲᠡᠢ ᢈᠥᢉᠵᠢᠯ ᠳ᠋ᠦ ᠬᠤᠪᠢ ᠨᠡᠮᠡᠷᠢ ᠪᠡᠨ ᠣᠷᠤᠭᠤᠯᠬᠤ ᠪᠠᠷ ᠠᠵᠢᠯᠯᠠᠵᠤ ᠪᠠᠶᠢᠨ ᠠ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ