
ᠮᠣᠩᠭᠣᠯ ᠤᠯᠤᠰ ᠲᠤ ᢈᠡᠷᠡᢉᠵᠢᠵᠦ ᠪᠤᠢ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠶ᠋ᠢᠨ ᠰᠢᠨ ᠡ ᠪᠠᠷᠢᠯᠭ ᠠ ᠶ᠋ᠢᠨ ᠲᠥᠰᠦᠯ ᠨᠢ ᠰᠢᠨᠵᠢᠯᠡᢈᠦ ᠤᠬᠠᠭᠠᠨ᠂ ᠪᠣᠯᠪᠠᠰᠤᠷᠠᠯ᠂ ᠠᠶᠠᠯᠠᠯ ᠵᠢᠭᠤᠯᠴᠢᠯᠠᠯ ᠤ᠋ᠨ ᠰᠠᠯᠪᠤᠷᠢ ᠳ᠋ᠤ ᠥᠨᠳᠦᠷ ᠠᠴᠢ ᠬᠣᠯᠪᠤᠭᠳᠠᠯ ᠲᠠᠢ ᠲᠣᠮᠤᠬᠠᠨ ᠪᠦᠲᠦᢉᠡᠨ ᠪᠠᠶᠢᠭᠤᠯᠤᠯᠲᠠ ᠶᠤᠮ᠃ ᠲᠤᠰ ᠮᠦᠽᠧᠢ ᠶ᠋ᠢ ᠶᠡᢈᠡ ᠲᠩᠷᠢ ᠶ᠋ᠢᠨ ᠠᠮᠠᠨ ᠳ᠋ᠤ ᠭᠤᠷᠪᠠᠨ ᠦᠨᠳᠦᠰᠦᠨ ᠪᠯᠤᠻ ᠪᠦᢈᠦᠢ (ᠠ᠂ B᠂ᠹ᠂ C) ᠪᠦᠲᠦᠴᠡ ᠲᠡᠢ ᠪᠡᠷ ᠪᠠᠷᠢᠵᠤ ᠪᠠᠶᠢᠨ ᠠ᠃ ᠨᠡᠶᠢᠲᠡ ᠪᠠᠷᠢᠯᠭ ᠠ ᠶ᠋ᠢᠨ ᠲᠠᠯᠠᠪᠠᠢ ᠔᠗᠗᠓᠓ ᠮ² ᠲᠠᠯᠠᠪᠠᠢ᠃ ᠠ ᠪᠯᠤᠻ – ᠣᠷᠴᠢᠯᠠᠩ ᠤ᠋ᠨ ᠡᢉᠦᠰᠦᠯ ᠦ᠋ᠨ ᠲᠠᠩᢈᠢᠮ᠂ ᠭᠠᠵᠠᠷᠵᠦᠢ᠂ ᢉᠧᠣᠯᠣᢉᠢ ᠶ᠋ᠢᠨ ᠦᠵᠡᠮᠦᠷᠢ᠂ ᠪᠣᠯᠪᠠᠰᠤᠷᠠᠯ ᠤ᠋ᠨ ᢈᠥᠲᠦᠯᠪᠦᠷᠢ ᠶ᠋ᠢᠨ ᠥᠷᠦᢉᠡ᠂ ᠣᠯᠠᠨ ᠤᠯᠤᠰ ᠤ᠋ᠨ ᠬᠤᠷᠠᠯ ᠤ᠋ᠨ ᠲᠠᠩᢈᠢᠮ
B ᠪᠯᠤᠻ – ᢈᠦᠮᠦᠨ ᠦ᠋ ᠡᢉᠦᠰᠦᠯ᠂ ᠰᠢᠨᠵᠢᠯᠡᢈᠦ ᠤᠬᠠᠭᠠᠨ ᠤ᠋ ᠲᠠᠩᢈᠢᠮ᠂ ᠲᠦᠷ ᠦᠵᠡᠰᢈᠦᠯᠡᠩ᠂ ᠰᠤᠷᠭᠠᠯᠲᠠ ᠶ᠋ᠢᠨ ᠲᠢᠶᠠᠲ᠋ᠷ᠂ ᠮᠦᠽᠧᠢ ᠶ᠋ᠢᠨ ᠰᠠᠩ ᢈᠥᠮᠦᠷᢉᠡ ᠪᠠᠶᠢᠷᠢᠯᠠᠨ ᠠ᠃ C ᠪᠯᠤᠻ – ᠫᠠᠯᠧᠨ᠋ᠲ᠋ᠣᠯᠣᢉᠢ ᠶ᠋ᠢᠨ ᠪᠤᠶᠤ ᠦᠯᠦᢉ ᢉᠦᠷᠪᠡᠯ ᠦ᠋ᠨ ᢈᠡᠰᠡᢉ ᠪᠥᢉᠡᠳ ᠮᠣᠩᠭᠣᠯ ᠳ᠋ᠤ ᠣᠯᠳᠠᠭᠰᠠᠨ ᠬᠣᠪᠤᠷ ᠨᠠᠨᠳᠢᠨ ᠣᠯᠳᠠᠪᠤᠷᠢ ᠨᠤᠭᠤᠳ ᠢ᠋ ᠳᠡᠯᢉᠡᠨ ᠦᠵᠡᢉᠦᠯᢈᠦ ᠶᠤᠮ᠃ ᠮᠦᠽᠧᠢ ᠶ᠋ᠢᠨ ᠪᠠᠷᠢᠯᠭ ᠠ ᠶ᠋ᠢᠨ ᠠᠵᠢᠯ ᠤ᠋ᠨ ᢉᠦᠢᠴᠡᠳᢈᠡᠯ ᠖᠖ ᠬᠤᠪᠢ ᠲᠠᠢ᠂ ᠒᠐᠒᠖ ᠣᠨ ᠳ᠋ᠤ ᢈᠡᠰᠡᢉᠴᠢᠯᠡᠨ᠂ ᠒᠐᠒᠗ ᠣᠨ ᠳ᠋ᠤ ᠪᠦᠷᠢᠨ ᠠᠰᠢᠭᠯᠠᠯᠲᠠ ᠳ᠋ᠤ ᠣᠷᠤᠨ ᠠ᠃ ᠨᠡᠶᠢᠲᠡ ᠒᠕᠐ ᠣᠷᠴᠢᠮ ᠠᠵᠢᠯᠲᠠᠨ᠂ ᠕᠗᠑ ᠠᠦ᠋ᠲ᠋ᠣᠮᠠᠱᠢᠨ᠋ ᠤ᠋ ᠵᠣᠭᠰᠤᠭᠠᠯ ᠲᠠᠢ᠂ ᠭᠠᠳᠠᠨ ᠠ ᠲᠠᠯᠠᠪᠠᠢ ᠳ᠋ᠠᠭᠠᠨ ᠲᠢᠶᠠᠲ᠋ᠷ᠂ ᠴᠡᠴᠡᠷᠯᠢᢉᠲᠦ ᢈᠦᠷᠢᠶᠡᠯᠡᠩ᠂ ᢈᠢᠮᠡᠯ ᠨᠠᠭᠤᠷ᠂ ᠰᠢᠪᠠᠭᠤ ᠠᠵᠢᠭᠯᠠᠬᠤ ᢈᠡᠰᠡᢉ ᠪᠦᢈᠦᠢ ᠪᠣᠯᠪᠠᠰᠤᠷᠠᠯ᠂ ᠠᠮᠠᠷᠠᠯᠲᠠ ᠬᠣᠣᠰᠯᠠᠭᠰᠠᠨ ᠣᠷᠴᠢᠨ ᠢ᠋ ᠪᠦᠷᠢᠳᠦᢉᠦᠯᢈᠦ ᠶᠤᠮ᠃ ᠲᠥᠰᠦᠯ ᠢ᠋ ᠵᠠᠰᠠᠭ ᠤ᠋ᠨ ᠭᠠᠵᠠᠷ᠂ ᠨᠡᠶᠢᠰᠯᠡᠯ ᠦ᠋ᠨ ᠵᠦᢉ ᠡᠴᠡ ᠪᠦᠷᠢᠨ ᠳᠡᠮᠵᠢᠵᠦ ᠠᠵᠢᠯᠯᠠᠵᠤ ᠪᠠᠶᠢᠭ ᠠ ᠪᠥᢉᠡᠳ ᢈᠡᠷᠡᢉᠵᠢᢉᠰᠡᠨ ᠢ᠋ᠶᠡᠷ:
ᠪᠠᠶᠢᠭᠠᠯᠢ ᠶ᠋ᠢᠨ ᠰᠢᠨᠵᠢᠯᠡᢈᠦ ᠤᠬᠠᠭᠠᠨ ᠳ᠋ᠤ ᠰᠠᠭᠤᠷᠢᠯᠠᠭᠰᠠᠨ ᠪᠣᠯᠪᠠᠰᠤᠷᠠᠯ ᠢ᠋ ᠥᠷᢉᠡᠵᠢᢉᠦᠯᢈᠦ᠂ ᢈᠡᠦᢈᠡᠳ᠂ ᠵᠠᠯᠠᠭᠤᠰ ᠤ᠋ᠨ ᠰᠢᠨᠵᠢᠯᠡᢈᠦ ᠤᠬᠠᠭᠠᠨ ᠳ᠋ᠤ ᠰᠣᠨᠢᠷᠬᠠᠯᠲᠠᠢ ᠪᠣᠯᠬᠤ ᠨᠥᢈᠦᠴᠡᠯ ᠢ᠋ ᠪᠦᠷᠢᠳᠦᢉᠦᠯᢈᠦ᠂ ᠠᠶᠠᠯᠠᠯ ᠵᠢᠭᠤᠯᠴᠢᠯᠠᠯ ᠤ᠋ᠨ ᠰᠢᠨ ᠡ ᠲᠥᠪ ᠪᠤᠢ ᠪᠣᠯᠭᠠᠬᠤ᠂
🇲🇳ᠮᠣᠩᠭᠣᠯ ᠤ᠋ᠨ ᠪᠠᠶᠢᠭᠠᠯᠢ ᠶ᠋ᠢᠨ ᠥᠪ᠂ ᠣᠯᠳᠠᠪᠤᠷᠢ ᠨᠤᠭᠤᠳ ᠢ᠋ ᠳᠡᠯᠡᢈᠡᠢ ᠶ᠋ᠢᠨ ᠲᠦᠪᠰᠢᠨ ᠳ᠋ᠦ ᠰᠤᠷᠲᠠᠯᠴᠢᠯᠠᠬᠤ ᠠᠴᠢ ᠬᠣᠯᠪᠤᠭᠳᠠᠯ ᠲᠠᠢ᠃ ᠪᠠᠶᠢᠷᠢᠰᠢᠯ: ᠬᠠᠨ-ᠠᠭᠤᠯᠠ ᠳᠡᢉᠦᠷᢉᠡ᠂ ᠶᠡᢈᠡ ᠲᠩᠷᠢ ᠶ᠋ᠢᠨ ᠠᠮᠠ ᢉᠦᠶᠢᠴᠡᠳᢈᠡᠯ: ᠖᠖%
ᠬᠤᠭᠤᠴᠠᠭ ᠠ: ᠒᠐᠒᠔–᠒᠐᠒᠗ ᠣᠨ ᠵᠣᠷᠢᠯᠭ ᠠ: ᠪᠠᠶᠢᠭᠠᠯᠢ ᠶ᠋ᠢᠨ ᠰᠢᠨᠵᠢᠯᠡᢈᠦ ᠤᠬᠠᠭᠠᠨ ᠳ᠋ᠤ ᠰᠠᠭᠤᠷᠢᠯᠠᠭᠰᠠᠨ ᠪᠣᠯᠪᠠᠰᠤᠷᠠᠯ᠂ ᠠᠶᠠᠯᠠᠯ ᠵᠢᠭᠤᠯᠴᠢᠯᠠᠯ᠂ ᠰᠤᠳᠤᠯᠭᠠᠨ ᠤ᠋ ᠦᠨᠳᠦᠰᠦᠨ ᠦ᠋ ᠲᠥᠪ ᠪᠠᠶᠢᠭᠤᠯᠬᠤ᠃