ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠭᠠᠳᠠᠭᠠᠳᠤ ᠬᠠᠮᠲᠤ ᠶ᠋ᠢᠨ ᠠᠵᠢᠯᠯᠠᠭ ᠠ

᠒᠐᠒᠕ᠤᠨ ᠑᠑ᠰᠠᠷ᠎ᠠ ᠶᠢᠨ ᠒᠔

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠨᠢ ᠭᠠᠳᠠᠭᠠᠳᠤ ᠬᠠᠮᠲᠤ ᠶ᠋ᠢᠨ ᠠᠵᠢᠯᠯᠠᠭ ᠠ ᠪᠠᠨ ᠥᠷᢉᠡᠵᠢᢉᠦᠯᠵᠦ ᠮᠦᠽᠧᠢ ᠶ᠋ᠢᠨ ᠵᠠᢈᠢᠷᠤᠯ᠂ ᠳ᠋ᠣᠻᠲ᠋ᠣᠷ ᠨ‍᠂ ᠮᠠᠨᠴᠤᠻ᠂ ᠠᠮᠧᠷᠢᠻᠠ ᠶ᠋ᠢᠨ ᠨᠢᢉᠡᠳᠦᢉᠰᠡᠨ ᠤᠯᠤᠰ ᠤ᠋ᠨ ᠯᠣᠰ ᠠᠨ᠋ᠵᠧᠯᠧᠰ ᠬᠣᠲᠠ ᠶ᠋ᠢᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠰᠢᠨᠵᠢᠯᠡᢈᠦ ᠤᠬᠠᠭᠠᠨ᠂ ᠰᠠᠩ ᢈᠥᠮᠦᠷᢉᠡ ᠬᠠᠷᠢᠭᠤᠴᠠᠭᠰᠠᠨ ᠳᠡᠳ᠋ ᠶᠡᠷᠦᠩᢈᠡᠶᠢᠯᠡᢉᠴᠢ ᠯᠦᠢᠰ ᠻᠢᠶᠠᠷᠷᠧ᠂ ᠮᠣᠩᠭᠣᠯ ᠤ᠋ᠨ ᠳᠢᠨᠣᠽᠸᠷ ᠰᠤᠳᠤᠯᠤᠯ ᠤ᠋ᠨ ᢈᠦᠷᠢᠶᠡᠯᠡᠩ ᠦ᠋ᠨ ᠡᢉᠦᠰᢈᠡᠨ ᠪᠠᠶᠢᠭᠤᠯᠤᠭᠴᠢ᠂ ᠫᠠᠯᠧᠨ᠋ᠲ᠋ᠣᠯᠣᢉᠢᠴᠢ ᠳ᠋ᠣᠻᠲ᠋ᠣᠷ ᠮ‍᠂ ᠪᠣᠯᠤᠷᠴᠡᠴᠡᢉ ᠨᠠᠷᠠ ᠬᠠᠮᠲᠤᠷᠠᠨ ᠠᠵᠢᠯᠯᠠᠬᠤ ᢉᠡᠷ ᠡ ᠳ᠋ᠦ ᠭᠠᠷ ᠤ᠋ᠨ ᠦᠰᠦᢉ ᠵᠢᠷᠤᠯ ᠠ᠃ ᠬᠠᠮᠲᠤᠷᠠᠨ ᠠᠵᠢᠯᠯᠠᠬᠤ ᢉᠡᠷ ᠡ ᠶ᠋ᠢᠨ ᠳᠠᠭᠠᠭᠤ ᢈᠡᢉᠡᠷ ᠡ ᠶ᠋ᠢᠨ ᠬᠠᠶᠢᠭᠤᠯ ᠰᠤᠳᠤᠯᠭ ᠠ᠂ ᠰᠢᠨᠵᠢᠯᠡᢉᠡ᠂ ᠰᠤᠷᠭᠠᠯᠲᠠ᠂ ᠪᠣᠯᠪᠠᠰᠤᠷᠠᠯ ᠤ᠋ᠨ ᢈᠥᠲᠦᠯᠪᠦᠷᠢ᠂ ᢈᠦᠮᠦᠨ ᠦ᠋ ᠨᠥᢉᠡᠴᠡ ᠶ᠋ᠢ ᠴᠢᠳᠠᠪᢈᠢᠵᠢᠭᠤᠯᠬᠤ ᠶᠤᠮ᠃ ᠮᠣᠩᠭᠣᠯ ᠤ᠋ᠨ ᠳᠢᠨᠤᠽᠠᠸᠷ ᠰᠤᠳᠤᠯᠤᠯ ᠤ᠋ᠨ ᢈᠦᠷᠢᠶᠡᠯᠡᠩ ᠨᠢ ᠫᠠᠯᠧᠨ᠋ᠲ᠋ᠣᠯᠣᢉᠢ ᠶ᠋ᠢᠨ ᠰᠢᠨᠵᠢᠯᠡᢈᠦ ᠤᠬᠠᠭᠠᠨ ᠢ᠋ ᠣᠯᠠᠨ ᠨᠡᠶᠢᠲᠡ ᠳ᠋ᠦ ᠲᠠᠨᠢᠨ ᠮᠡᠳᠡᢉᠦᠯᢈᠦ ᠪᠣᠯᠪᠠᠰᠤᠷᠠᠯ᠂ ᠰᠤᠳᠤᠯᠭ ᠠ ᠶ᠋ᠢ ᢈᠢᢈᠦ᠂ ᠣᠯᠳᠠᠪᠤᠷᠢ ᠨᠤᠭᠤᠳ ᠢ᠋ ᠬᠠᠳᠠᠭᠠᠯᠠᠨ᠂ ᠬᠠᠮᠠᠭᠠᠯᠠᠵᠤ ᠬᠣᠶᠢᠴᠢ ᠦᠶ ᠡ ᠳ᠋ᠦ ᠪᠡᠨ ᠡᠪᠡᠯᠡᠨ ᠦᠯᠡᠳᠡᢉᠡᢈᠦ ᠵᠣᠷᠢᠯᠭ ᠠ ᠲᠠᠢ ᠪᠥᢉᠡᠳ ᠥᠩᢉᠡᠷᠡᢉᠴᠢ ᠣᠨ ᠤ᠋ ᠑᠐ ᠳ᠋ᠤᠭᠠᠷ ᠰᠠᠷ ᠠ ᠳ᠋ᠤ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠫᠠᠯᠧᠤᠨᠲ᠋ᠤᠯᠤᢉᠢ ᠶ᠋ᠢᠨ ᠰᠡᠷᢉᠦᢉᠡᠨ ᠵᠠᠰᠠᠪᠤᠷᠢᠯᠠᠭᠴᠢᠳ ᠠᠨᠤ- ᠤ᠋ᠨ ᠯᠣᠰ ᠠᠨ᠋ᠵᠧᠯᠧᠰ ᠬᠣᠲᠠ ᠶ᠋ᠢᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠳ᠋ᠦ ᠒᠑ ᠬᠣᠨᠤᠭ ᠤ᠋ᠨ ᠰᠤᠷᠭᠠᠯᠲᠠ ᠳ᠋ᠤ ᠬᠠᠮᠤᠷᠤᠭᠳᠠᠵᠤ ᠢᠷᠡᢉᠰᠡᠨ ᠪᠥᢉᠡᠳ ᠮᠡᠷᢉᠡᠵᠢᠯ ᠦ᠋ᠨ ᠥᠨᠳᠦᠷ ᠲᠦᠪᠰᠢᠨ ᠳ᠋ᠦ ᠫᠠᠯᠧᠨ᠋ᠲ᠋ᠣᠯᠣᢉᠢ ᠶ᠋ᠢᠨ ᠰᠡᠷᢉᠦᢉᠡᠨ ᠵᠠᠰᠠᠪᠤᠷᠢᠯᠠᠯᠲᠠ ᠶ᠋ᠢ ᢈᠢᢈᠦ ᠪᠡᠷ ᠠᠵᠢᠯᠯᠠᠵᠤ ᠪᠠᠶᠢᠭ ᠠ ᠪᠢᠯᠡ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ