
᠒᠐᠒᠕-᠒᠐᠒᠖ ᠣᠨ ᠤ᠋ ᢈᠢᠴᠢᠶᠡᠯ ᠦ᠋ᠨ ᠵᠢᠯ ᠦ᠋ᠨ ᠨᠢᢉᠡᠳᠦ᠋ᢉᠡᠷ ᠤᠯᠠᠷᠢᠯ ᠤ᠋ᠨ ᠪᠡᠶ ᠡ ᠳᠠᠭᠠᠭᠠᠯᠲᠠ ᠶ᠋ᠢᠨ ᠳᠣᠯᠤᠭ ᠠ ᠬᠣᠨᠤᠭ ᠦᠷᢉᠦᠯᠵᠢᠯᠡᠵᠦ ᠪᠠᠶᠢᠭ ᠠ ᠡᠨᠡ ᠡᠳᠦᠷ ᠦ᠋ᠳ ᠲᠦ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠳ᠋ᠦ ᠪᠣᠯᠪᠠᠰᠤᠷᠠᠯ ᠤ᠋ᠨ ᢈᠥᠲᠦᠯᠪᠦᠷᠢ ᢈᠡᠷᠡᢉᠵᠢᠵᠦ ᠪᠠᠶᠢᠨ ᠠ᠃ ᠢᠰᠡᢉᠡᠢ ᠵᠢᠷᠤᠭ ᠵᠢᠷᠤᠬᠤ ᠪᠣᠯᠪᠠᠰᠤᠷᠠᠯ ᠤ᠋ᠨ ᢈᠥᠲᠦᠯᠪᠦᠷᠢ ᠳ᠋ᠦ ᠬᠠᠮᠤᠷᠤᠭᠳᠠᠭᠰᠠᠨ ᠡᠷᢈᠢᠮ ᠪᠠᠶᠠᠨ ᠡᠷᠳᠡᠮ ᠰᠤᠷᠭᠠᠭᠤᠯᠢ ᠶ᠋ᠢᠨ ᠓ᠠ ᠠᠩᢉᠢ ᠶ᠋ᠢᠨ ᠰᠤᠷᠤᠭᠴᠢᠳ ᠲᠤ ᠪᠠᠨ ᠰᠤᠷᠤᠯᠭ ᠠ ᠶ᠋ᠢᠨ ᠥᠨᠳᠦᠷ ᠠᠮᠵᠢᠯᠲᠠ ᢈᠦᠰᠡᠶ ᠡ᠃