
ᠶᠠᠫᠤᠨ ᠤᠯᠤᠰ ᠤ᠋ᠨ SORA BOTANICAL GARDEN-ᠡᠶᠢᠨ ᠴᠡᠴᠡᠷᠯᠢᢉᠵᠢᢉᠦᠯᠦᠯᠲᠡ᠂ ᠤᠷᠭᠤᠮᠠᠯ ᠤ᠋ᠨ ᠤᠷᠠᠯᠢᠭ ᠤ᠋ᠨ ᠨᠡᠷᠡᠲᠦ ᠮᠡᠷᢉᠡᠵᠢᠯᠲᠡᠨ ᠰᠡᠶᠢᠵᠦᠩ ᠨᠢᠰᠢᠬᠠᠲᠤ᠂ Foundation Nihon Situke-no Kai ᠪᠠᠶᠢᠭᠤᠯᠤᠯᠭ ᠠ ᠶ᠋ᠢᠨ ᠶᠡᠷᠦᠩᢈᠡᠶᠢᠯᠡᢉᠴᠢ ᠨᠠᠣᠻᠣ ᠢᠲ᠋ᠣᢈᠦ᠂ ᠮᠥᠨ Funachu ᠻᠣᠮᠫᠠᠨᠢ ᠶ᠋ᠢᠨ ᢉᠦᠶᠢᠴᠡᠳᢈᠡᢈᠦ ᠵᠠᢈᠢᠷᠤᠯ ᠨᠠᠲ᠋ᠤ ᠠᠪᠢᠻᠤ ᠲᠡᠷᠢᢉᠦ ᠲᠡᠢ ᠲᠥᠯᠦᢉᠡᠯᠡᢉᠴᠢᠳ ᠲᠡᠢ🇲🇳ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ᠂ ᠳ᠋ᠣᠻᠲ᠋ᠣᠷ ᠨ᠂ ᠮᠠᠨᠴᠤᠻᠠ᠂ ᠵᠠᢈᠢᠷᠭ ᠠ᠂ ᠠᠵᠤ ᠠᠬᠤᠢ ᠶ᠋ᠢᠨ ᢈᠡᠯᠲᠡᠰ ᠦ᠋ᠨ ᠳᠠᠷᠤᠭ ᠠ ᠳ᠋ᠣᠻᠲ᠋ᠣᠷ ᠪ᠂ ᠪᠠᠳᠮᠠᠴᠡᠴᠡᢉ᠂ ᠦᠵᠡᠰᢈᠦᠯᠡᠩ ᠦ᠋ᠨ ᠻᠦᠷᠠᠲ᠋ᠤᠷ ᠴ᠂ ᠠᠷᠢᠭᠤᠨ-ᠤᠨᠳᠤᠷᠤᠯ᠂ ᠤᠷᠭᠤᠮᠠᠯ ᠰᠤᠳᠤᠯᠤᠭᠠᠴᠢ ᠴ᠂ ᠴᠣᠶᠢᠨᠠᠮ ᠨᠠᠷ ᠣᠨ᠋ᠯᠠᠶᠢᠨ ᠢ᠋ᠶᠠᠷ ᠠᠭᠤᠯᠵᠠᠯᠲᠠ ᢈᠢᠯ ᠡ᠃ ᠠᠭᠤᠯᠵᠠᠯᠲᠠ ᠶ᠋ᠢᠨ ᠦᠶ ᠡ ᠪᠡᠷ ᠲᠠᠯ ᠠ ᠨᠤᠭᠤᠳ ᠰᠢᠨ ᠡ ᠮᠦᠽᠧᠢ ᠶ᠋ᠢᠨ ᠭᠠᠳᠠᠭᠠᠳᠤ ᠣᠷᠴᠢᠨ ᠤ᠋ ᠲᠣᢈᠢᠵᠢᠯᠲᠠ᠂ ᠴᠡᠴᠡᠷᠯᠢᢉᠵᠢᢉᠦᠯᠦᠯᠲᠡ ᠶ᠋ᠢᠨ ᠴᠢᢉᠯᠡᠯ᠂ ᠲᠥᠯᠦᠪᠯᠡᠯᠲᠡ᠂ ᠬᠠᠮᠲᠤ ᠶ᠋ᠢᠨ ᠠᠵᠢᠯᠯᠠᠭᠠᠨ ᠤ᠋ ᠪᠣᠯᠤᠮᠵᠢ ᠶ᠋ᠢᠨ ᠲᠠᠯᠠᠭᠠᠷ ᠳᠡᠯᢉᠡᠷᠡᠩᢉᠦᠢ ᠰᠠᠨᠠᠯ ᠰᠣᠯᠢᠯᠴᠠᠪᠠ᠃ ᠳᠡᠯᠡᢈᠡᠢ ᠳ᠋ᠦ ᠨᠡᠷ ᠡ ᢈᠦᠨᠳᠦ ᠲᠡᠢ ᠤᠷᠭᠤᠮᠠᠯ ᠤ᠋ᠨ ᠤᠷᠠᠯᠢᠭ ᠤ᠋ᠨ ᠮᠡᠷᢉᠡᠵᠢᠯᠲᠡᠨ ᠰᠡᠶᠢᠵᠦᠩ ᠨᠢᠰᠢᠬᠠᠲᠤ ᠰᠢᠨ ᠡ ᠮᠦᠽᠧᠢ ᠶ᠋ᠢᠨ ᠭᠠᠳᠠᠭᠠᠳᠤ ᠲᠣᢈᠢᠵᠢᠯᠲᠠ᠂ ᠴᠡᠴᠡᠷᠯᠢᢉᠵᠢᢉᠦᠯᠦᠯᠲᠡ ᠶ᠋ᠢᠨ ᠰᠢᠢᠳᠦᠯ ᠦ᠋ᠨ ᠲᠠᠯᠠᠭᠠᠷ ᠰᠠᠨᠠᠯ ᠪᠣᠳᠤᠯ ᠢ᠋ᠶᠠᠨ ᠬᠤᠪᠢᠶᠠᠯᠴᠠᠵᠤ᠂ ᠴᠠᠭᠠᠰᠢᠳᠠ ᠬᠠᠮᠲᠤᠷᠠᠨ ᠠᠵᠢᠯᠯᠠᠬᠤ ᠰᠠᠨᠠᠮᠵᠢ ᠪᠢᠴᠢᢉ ᠪᠠᠶᠢᠭᠤᠯᠬᠤ ᠰᠣᠨᠢᠷᠬᠠᠯ ᠢ᠋ᠶᠠᠨ ᠢᠯᠡᠷᢈᠡᠶᠢᠯᠡᠪᠡ᠃