
ᠰᠤᠷᠭᠠᠯᠲᠠ᠂ ᠰᠤᠳᠤᠯᠭ ᠠ᠂ ᠲᠥᠰᠦᠯ᠂ ᢈᠥᠲᠦᠯᠪᠦᠷᠢ ᢈᠡᠷᠡᢉᠵᠢᢉᠦᠯᢈᠦ ᠴᠢᢉᠯᠡᠯ ᠢ᠋ᠶᠡᠷ ᠬᠠᠮᠲᠤᠷᠠᠨ ᠠᠵᠢᠯᠯᠠᠬᠤ ᠰᠠᠨᠠᠮᠵᠢ ᠪᠢᠴᠢᢉ ᠲᠦ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ ᠳ᠋ᠣᠻᠲ᠋ᠣᠷ ᠨ᠃ ᠮᠠᠨᠴᠤᠻ ᠪᠣᠯᠤᠨ ᠮᠤᠰᠢ-ᠡᠶᠢᠨ ᠷᠧᠻᠲ᠋ᠤᠷ᠂ ᠫᠷᠣᠹᠧᠰᠰᠣᠷ ᠪ᠂ ᠸᠴᠢᠷᠬᠤᠶᠠᠭ ᠨᠠᠷᠠ ᠭᠠᠷ ᠤ᠋ᠨ ᠦᠰᠦᢉ ᠵᠢᠷᠤᠯ ᠠ᠃ ᠰᠠᠨᠠᠮᠵᠢ ᠪᠢᠴᠢᢉ ᠦ᠋ᠨ ᢈᠦᠷᠢᠶᠡᠨ ᠳ᠋ᠦ ᠲᠠᠯ ᠠ ᠨᠤᠭᠤᠳ ᠰᠢᠨᠵᠢᠯᠡᢈᠦ ᠤᠬᠠᠭᠠᠨ᠂ ᠪᠣᠯᠪᠠᠰᠤᠷᠠᠯ᠂ ᠰᠣᠶᠤᠯ ᠤ᠋ᠨ ᠰᠠᠯᠪᠤᠷᠢ ᠳ᠋ᠠᢈᠢ ᠬᠠᠮᠲᠤ ᠶ᠋ᠢᠨ ᠠᠵᠢᠯᠯᠠᠭ ᠠ ᠪᠠᠨ ᠥᠷᢉᠡᠵᠢᢉᠦᠯᢈᠦ᠂ ᠰᠢᠨᠵᠢᠯᠡᢈᠦ ᠤᠬᠠᠭᠠᠨ ᠤ᠋ ᠮᠡᠳᠡᠯᢉᠡ ᠶ᠋ᠢ ᠣᠯᠠᠨ ᠨᠡᠶᠢᠲᠡ ᠳ᠋ᠦ ᢈᠦᠷᠲᠡᢉᠡᠮᠵᠢ ᠲᠡᠢ ᢈᠡᠯᠪᠡᠷᠢ ᠪᠡᠷ ᠲᠦᢉᠡᢉᠡᢈᠦ᠂ ᠦᠵᠡᢉᠦᠯᠦᠯᢉᠡ ᠳᠢᢉᠯᠡᠯᠲᠡ ᠶ᠋ᠢᠨ ᠴᠢᢉᠯᠡᠯ ᠢ᠋ᠶᠡᠷ ᠵᠥᠪᠯᠡᢈᠦ᠂ ᠳ᠋ᠢᠵᠢᠲ᠋ᠠᠯ ᠣᠷᠴᠢᠨ ᠳ᠋ᠤ ᠰᠠᠭᠤᠷᠢᠯᠠᠭᠰᠠᠨ ᠻᠣᠨᠲ᠋ᠧᠨᠲ ᠪᠦᠲᠦᢉᠡᢈᠦ᠂ ᠬᠠᠮᠲᠤᠷᠠᠭᠰᠠᠨ ᠰᠤᠳᠤᠯᠭᠠᠨ ᠤ᠋ ᠦᠷ ᠡ ᠳ᠋ᠦᠩ ᠢ᠋ ᠪᠣᠯᠪᠠᠰᠤᠷᠠᠯ ᠤ᠋ᠨ ᠦᠢᠯᠡ ᠠᠵᠢᠯᠯᠠᠭᠠᠨ ᠳ᠋ᠤ ᠪᠣᠳᠠᠲᠤ ᠪᠠᠷ ᠨᠡᠪᠲᠡᠷᠡᢉᠦᠯᢈᠦ᠂ ᠮᠡᠳᠡᠯᢉᠡ᠂ ᠲᠤᠷᠰᠢᠯᠭ ᠠ ᠰᠣᠯᠢᠯᠴᠠᠬᠤ᠂ ᠪᠠᠭᠰᠢ᠂ ᠰᠤᠳᠤᠯᠤᠭᠠᠴᠢ᠂ ᠣᠶᠤᠲᠠᠨ ᠨᠤᠭᠤᠳ ᠤ᠋ᠨ ᠣᠷᠤᠯᠴᠠᠭ ᠠ ᠶ᠋ᠢ ᠨᠡᠮᠡᢉᠳᠡᢉᠦᠯᢈᠦ ᠴᠢᢉᠯᠡᠯ ᠢ᠋ᠶᠡᠷ ᠬᠠᠮᠲᠤᠷᠠᠨ ᠠᠵᠢᠯᠯᠠᠨ ᠠ᠃ ᠮᠣᠩᠭᠤᠯ ᠤᠯᠤᠰ ᠤ᠋ᠨ ᠶᠡᢈᠡ ᠰᠤᠷᠭᠠᠭᠤᠯᠢ /The National University of Mongolia/