
ᠨᠦᠪ- ᠤ᠋ᠨ ᢈᠡᠦᢈᠡᠳ ᠦ᠋ᠨ ᠰᠠᠩ ᠮᠣᠩᠭᠣᠯ ᠳ᠋ᠤ ᠦᠢᠯᠡ ᠠᠵᠢᠯᠯᠠᠭ ᠠ ᠶᠠᠪᠤᠭᠤᠯᠵᠤ ᠡᢈᠢᠯᠡᢉᠰᠡᠨ ᠡᠴᠡ ᠬᠣᠶᠢᠰᠢ ᠡᠳᠦᢉᠡ ᠕᠐ ᠭᠠᠷᠤᠢ ᠵᠢᠯ ᠥᠩᢉᠡᠷᠡᠵᠦ ᠪᠠᠶᠢᠨ ᠠ᠃ ᠡᠨᠡ ᠬᠤᠭᠤᠴᠠᠭᠠᠨ ᠳ᠋ᠤ ᠮᠣᠩᠭᠣᠯ ᠤᠯᠤᠰ᠂ ᠲᠡᢉᠦᠨ ᠦ᠋ ᠠᠷᠠᠳ ᠢᠷᢉᠡᠳ ᠲᠥᠪᠯᠡᠷᠡᢉᠰᠡᠨ ᠲᠥᠯᠦᠪᠯᠡᢉᠡᠲᠦ ᠡᠳ᠋ ᠦ᠋ᠨ ᠵᠠᠰᠠᠭ ᠠ᠋ᠴᠠ ᠠᠷᠠᠳᠴᠢᠯᠠᠯ᠂ ᠵᠠᠬ ᠠ ᠵᠡᢉᠡᠯᠢ ᠶ᠋ᠢᠨ ᠡᠳ᠋ ᠦ᠋ᠨ ᠵᠠᠰᠠᠭ ᠲᠤ ᠰᠢᠯᠵᠢᠵᠦ᠂ ᠪᠠᠭ ᠠ ᠣᠷᠤᠯᠭ ᠠ ᠲᠠᠢ ᠣᠷᠤᠨ ᠠ᠋ᠴᠠ ᠳᠤᠮᠳᠠ ᠠ᠋ᠴᠠ ᠳᠣᠣᠭᠤᠷ ᠣᠷᠤᠯᠭ ᠠ ᠲᠠᠢ᠂ ᢈᠥᢉᠵᠢᠯ ᠦ᠋ᠨ ᠲᠤᠰᠠᠯᠠᠮᠵᠢ ᢈᠦᠯᠢᠶᠡᠨ ᠠᠪᠤᠭᠴᠢ ᠣᠷᠤᠨ ᠠ᠋ᠴᠠ ᠣᠯᠠᠨ ᠲᠠᠯᠠᠲᠤ ᠳ᠋ᠢᠫᠯᠣᠮᠠᠲ ᠬᠠᠷᠢᠯᠴᠠᠭ ᠠ᠂ ᢈᠦᠮᠦᠨ ᠦ᠋ ᠡᠷᢈᠡ ᠶ᠋ᠢ ᠳᠡᢉᠡᠳᠦᠯᠡᢉᠴᠢ ᠣᠷᠤᠨ ᠪᠣᠯᠵᠤ᠂ ᠡᠳᠡᢉᠡᠷ ᠦᠢᠯᠡ ᠶᠠᠪᠤᠴᠠ ᠶ᠋ᠢ ᠳᠠᠭᠠᠯᠳᠤᠭᠰᠠᠨ ᠣᠯᠠᠨ ᠰᠣᠷᠢᠯᠲᠠ᠂ ᠥᢉᠡᠷᠡᠴᠢᠯᠡᠯᠲᠡ ᠰᠢᠨᠡᠴᠢᠯᠡᠯ ᠢ᠋ ᠲᠤᠭᠤᠯᠵᠤ ᠢᠷᠡᢉᠰᠡᠨ᠃ ᠮᠣᠩᠭᠣᠯ ᠤᠯᠤᠰ ᠤ᠋ᠨ ᠥᠰᠦᠨ ᠨᠡᠮᠡᢉᠳᠡᠵᠦ ᠪᠤᠢ ᠴᠢᠳᠠᠪᢈᠢ᠂ ᢈᠥᢉᠵᠢᠯ᠂ ᠡᠳ᠋ ᠦ᠋ᠨ ᠵᠠᠰᠠᠭ ᠤ᠋ᠨ ᠥᠰᠦᠯᠲᠡ ᠲᠡᠢ ᠤᠶᠠᠯᠳᠤᠭᠤᠯᠤᠨ ᠨᠦᠪ- ᠤ᠋ᠨ ᢈᠡᠦᢈᠡᠳ ᠦ᠋ᠨ ᠰᠠᠩ ᠲᠤᠰ ᠣᠷᠤᠨ ᠳ᠋ᠤ ᠶᠠᠪᠤᠭᠤᠯᠳᠠᠭ ᠦᠢᠯᠡ ᠠᠵᠢᠯᠯᠠᠭ ᠠ ᠪᠠᠨ ᢈᠡᠦᢈᠡᠳ ᠪᠦᠷᠢ ᠳ᠋ᠦ ᠲᠡᢉᠰᠢ ᢈᠥᢉᠵᠢᢈᠦ ᠪᠣᠯᠤᠮᠵᠢ ᠣᠯᠭᠠᠬᠤ ᠳ᠋ᠤ ᠵᠠᠰᠠᠭ ᠤ᠋ᠨ ᠭᠠᠵᠠᠷ ᠲᠤ ᠳᠡᠮᠵᠢᠯᢉᠡ ᠦᠵᠡᢉᠦᠯᠦᠨ ᠬᠠᠮᠲᠤᠷᠠᠨ ᠠᠵᠢᠯᠯᠠᠬᠤ ᠳ᠋ᠤ ᠠᠭᠠᠵᠢᠮ ᠢ᠋ᠶᠠᠷ ᠰᠢᠯᠵᠢᢉᠦᠯᠵᠦ ᠢᠷᠡᢉᠰᠡᠨ᠃ ᠪᠣᠳᠠᠲᠤ ᠪᠠᠶᠢᠳᠠᠯ ᠳ᠋ᠤ ᠡᠨᠡ ᠰᠢᠯᠵᠢᠯᠲᠡ ᢈᠡᠦᢈᠡᠳ ᠪᠦᠷᠢ ᠳ᠋ᠦ ᠲᠡᠷᠡ ᠳᠤᠮᠳᠠ ᠪᠠᠨ ᠬᠠᠮᠤᠭ ᠤ᠋ᠨ ᠡᠮᠵᠡᢉ ᠪᠦᠯᠦᢉ ᠦ᠋ᠨ ᢈᠡᠦᢈᠡᠳ ᠦ᠋ᠳ ᠲᠦ ᢈᠦᠷᠴᠦ᠂ ᠲᠡᢉᠰᠢ ᠪᠠᠶᠢᠳᠠᠯ ᠢ᠋ ᠬᠠᠩᠭᠠᠬᠤ᠂ ᠦᠢᠯᠡᠴᠢᠯᠡᢉᠡ ᠶ᠋ᠢ ᠣᠷᠤᠨ ᠨᠤᠲᠤᠭ ᠤ᠋ᠨ ᠲᠦᠪᠰᠢᠨ ᠳ᠋ᠦ ᢈᠡᠦᢈᠡᠳ ᠪᠦᠷᠢ ᠳ᠋ᠦ ᠲᠡᢉᠰᠢ ᢈᠦᠷᢉᠡᢈᠦ ᠪᠣᠳᠤᠯᠭ ᠠ ᠶ᠋ᠢᠨ ᠣᠷᠴᠢᠨ ᠢ᠋ ᠬᠣᠯᠪᠤᠬᠤ ᠳ᠋ᠤ ᠢᠯᠡᢉᠦᠦ ᠴᠢᢉᠯᠡᠵᠦ ᠢᠷᠡᢉᠰᠡᠨ᠃ ᠡᠨᠡ ᠰᠢᠯᠵᠢᠯᠲᠡ ᠰᠢᠭᠤᠳ ᠦᠢᠯᠡᠴᠢᠯᠡᢉᠡ ᠦᠵᠡᢉᠦᠯᢈᠦ ᠪᠤᠰᠤ ᠬᠠᠷᠢᠨ ᠣᠷᠤᠨ ᠨᠤᠲᠤᠭ ᠤ᠋ᠨ ᠲᠦᠪᠰᠢᠨ ᠳ᠋ᠦ ᢈᠡᠦᢈᠡᠳ ᠲᠦ ᢈᠦᠷᢈᠦ ᠦᠷ ᠡ ᠳ᠋ᠦᠩ ᠢ᠋ ᠳᠡᢉᠡᢉᠰᠢᠯᠡᢉᠦᠯᢈᠦ ᠲᠡᠢ ᠬᠣᠯᠪᠤᠭ ᠠ ᠲᠠᠢ ᠪᠣᠳᠤᠯᠭ ᠠ᠂ᠬᠠᠤᠯᠢ ᠲᠣᠭᠲᠠᠭᠠᠮᠵᠢ᠂ ᠰᠲ᠋ᠠᠨ᠋ᠳᠠᠷᠲ᠂ ᢈᠡᠮ ᢈᠡᠮᠵᠢᠶ ᠡ ᠶ᠋ᠢ ᠪᠣᠯᠪᠠᠰᠤᠷᠠᠩᠭᠤᠢ ᠪᠣᠯᠭᠠᠬᠤ ᠳ᠋ᠤ ᠲᠧᠻᠨᠢᢉ ᠦ᠋ᠨ ᠳᠡᠮᠵᠢᠯᢉᠡ ᠦᠵᠡᢉᠦᠯᢈᠦ ᠳ᠋ᠦ ᠠᠭᠠᠵᠢᠮ ᠰᠢᠯᠵᠢᢈᠦ ᢈᠡᠷᠡᢉ ᠲᠡᠢ ᠶ᠋ᠢ ᠢᠯᠡᢉᠦᠦ ᠲᠣᠳᠤ ᠬᠠᠷᠠᠭᠤᠯᠤᠭᠰᠠᠨ᠃ ᠰᠣᠶᠤᠯ᠂ ᠰᠫᠤᠷᠲ᠂ ᠠᠶᠠᠯᠠᠯ ᠵᠢᠭᠤᠯᠴᠢᠯᠠᠯ᠂ ᠵᠠᠯᠠᠭᠤᠴᠤᠤᠯ ᠤ᠋ᠨ ᠶᠠᠮᠤ ᠨᠦᠪ- ᠤ᠋ᠨ ᢈᠡᠦᢈᠡᠳ ᠦ᠋ᠨ ᠰᠠᠩ ᠤ᠋ᠨ ᠤᠯᠤᠰ ᠣᠷᠤᠨ ᠢ᠋ ᠳᠡᠮᠵᠢᢈᠦ ᢈᠥᠲᠦᠯᠪᠦᠷᠢ ᠶ᠋ᠢᠨ ᢈᠦᠷᠢᠶ ᠡᠨ ᠳ᠋ᠦ ᠒᠐᠒᠓ ᠣᠨ ᠳ᠋ᠤ ᢈᠡᠷᠡᢉᠵᠢᢉᠦᠯᢈᠦ «ᠬᠠᠮᠲᠤᠷᠠᠨ ᠠᠵᠢᠯᠯᠠᠬᠤ ᠰᠠᠨᠠᠮᠵᠢ ᠪᠢᠴᠢᢉ» ᠪᠠᠶᠢᠭᠤᠯᠤᠨ ᠰᠣᠶᠤᠯ ᠤ᠋ᠨ ᠦᠢᠯᠡ ᠠᠵᠢᠯᠯᠠᠭᠠᠨ ᠳ᠋ᠠᢈᠢ ᢈᠡᠦᢈᠡᠳ ᠦ᠋ᠨ ᠡᠷᢈᠡ ᠶ᠋ᠢ ᠬᠠᠩᠭᠠᠬᠤ᠂ᢈᠥᢉᠵᠢᠯ ᠬᠠᠮᠠᠭᠠᠯᠠᠯ ᠢ᠋ ᠳᠡᠮᠵᠢᢈᠦ᠂ ᢈᠡᠦᢈᠡᠳ ᠦ᠋ᠨ ᠡᠰᠡᠷᢉᠦ ᠦᠢᠯᠡᠳᠦᢉᠳᠡᠵᠦ ᠪᠠᠶᠢᠭ ᠠ ᠠᠯᠢᠪᠠ ᠲᠥᠷᠦᠯ ᠦ᠋ᠨ ᢈᠦᠴᠦᠷᢈᠡᠶᠢᠯᠡᠯ ᠡᠴᠡ ᠤᠷᠢᠳᠴᠢᠯᠠᠨ ᠰᠡᠷᢉᠡᠶᠢᠯᠡᢈᠦ ᠨᠥᠯᠦᢉᠡᠯᠡᠯ ᠦ᠋ᠨ ᠣᠯᠠᠨ ᠲᠠᠯᠠᠲᠤ ᠦᠶᠢᠯᠡ ᠠᠵᠢᠯᠯᠠᠭ ᠠ ᠶ᠋ᠢ ᠬᠠᠮᠲᠤᠷᠠᠨ ᢈᠡᠷᠡᢉᠵᠢᢉᠦᠯᠦᢉᠰᠡᠨ᠃ ᠳᠡᠯᠡᢈᠡᠢ ᠶ᠋ᠢᠨ ᢈᠡᠦᢈᠡᠳ ᠦ᠋ᠨ ᠡᠳᠦᠷ ᠑᠑ ᠳ᠋ᠦ᠋ᢉᠡᠷ ᠰᠠᠷ ᠠ ᠶ᠋ᠢᠨ ᠒᠐-ᠨᠳᠤ ᠲᠣᢈᠢᠶᠠᠳᠠᠭ ᠪᠥᢉᠡᠳ «ᠪᠦᠲᠦᢉᠡᠯᠴᠢ ᢈᠡᠦᢈᠡᠳ-ᠰᠣᠶᠤᠯ ᠤ᠋ᠨ ᠣᠷᠤᠨ ᠵᠠᠢ ᠒᠐᠒᠓»᠂ᠤ᠂ ᠹ᠂᠂ «ᢉᠡᠷ ᠪᠦᠯᠢ-ᠰᠣᠶᠤᠯ ᠤ᠋ᠨ ᠠᠩᠬᠠᠳᠠᠭᠴᠢ ᠣᠷᠴᠢᠨ ᠒᠐᠒᠔» ᠠᠷᠭ ᠠ ᢈᠡᠮᠵᠢᠶ ᠡ ᠨᠦ᠋ᢉᠦᠳ ᠲᠦ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠣᠷᠤᠯᠴᠠᠭᠠᠲᠤ ᠪᠣᠯᠪᠠᠰᠤᠷᠠᠯ ᠤ᠋ᠨ ᢈᠥᠲᠦᠯᠪᠦᠷᠢ ᠨᠦ᠋ᢉᠦᠳ ᠢ᠋ ᠠᠮᠵᠢᠯᠲᠠᠲᠠᠢ ᢈᠡᠷᠡᢉᠵᠢᢉᠦᠯᠦᠨ ᢈᠡᠦᢈᠡᠳ ᠪᠦᠷᠢ ᠶ᠋ᠢ ᠲᠡᠶᠢᢉᠡ