ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠮᠣᠩᠭᠣᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ ᠤ᠋ ᢈᠦᠷᠢᠶᠡᠨ ᠳ᠋ᠦ ᠠᠮᠢᠲᠠᠳ ᠲᠠᠢ ᠲᠠᠨᠢᠯᠴᠠᠬᠤ᠂ ᠮᠦᠽᠧᠢ ᠦᠵᠡᢈᠦ ᠲᠥᠰᠦᠯᠲᠡ ᢈᠢᠴᠢᠶᠡᠯ ᠳ᠋ᠦ ᠬᠠᠮᠤᠷᠤᠭᠳᠠᠯ ᠠ᠃

᠒᠐᠒᠕ᠤᠨ ᠑᠑ᠰᠠᠷ᠎ᠠ ᠶᠢᠨ ᠒᠔

ᠮᠣᠩᠭᠣᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ ᠤ᠋ ᢈᠦᠷᠢᠶᠡᠨ ᠳ᠋ᠦ ᠠᠮᠢᠲᠠᠳ ᠲᠠᠢ ᠲᠠᠨᠢᠯᠴᠠᠬᠤ᠂ ᠮᠦᠽᠧᠢ ᠦᠵᠡᢈᠦ ᠲᠥᠰᠦᠯᠲᠡ ᢈᠢᠴᠢᠶᠡᠯ ᠳ᠋ᠦ ᠬᠠᠮᠤᠷᠤᠭᠳᠠᠯ ᠢ᠋ᠶᠠᠨ ᠠᠮᠢᠲᠠᠳ ᠲᠠᠢ ᠲᠠᠨᠢᠯᠴᠠᠬᠤ᠂ ᠮᠦᠽᠧᠢ ᠦᠵᠡᢈᠦ ᠲᠥᠰᠦᠯᠲᠡ ᢈᠢᠴᠢᠶᠡᠯ ᠢ᠋ «ᠪᠢᠴᠢᠬᠠᠨ ᠮᠣᠩᠭᠤᠯ» ᠴᠡᠴᠡᠷᠯᠢᢉ ᠦ᠋ᠨ ᠠᠬᠠᠯᠠᠬᠤ᠂ ᠪᠡᠯᠡᠳᢈᠡᠯ ᠪᠦᠯᠦᢉ ᠦ᠋ᠨ ᢈᠡᠦᢈᠡᠳ ᠦ᠋ᠳ ᠪᠠᠭᠰᠢ ᠨᠠᠷ ᠤ᠋ᠨ ᠬᠠᠮᠲᠤ ᠠᠮᠵᠢᠯᠲᠠᠲᠠᠢ ᠬᠠᠮᠤᠷᠤᠭᠳᠠᠯ ᠠ᠃ ᠲᠤᠰᠠ ᢈᠢᠴᠢᠶᠡᠯ ᠦ᠋ᠨ ᠵᠣᠷᠢᠯᠭ ᠠ:
ᠠᠮᠢᠲᠠᠳ ᠤ᠋ᠨ ᠠᠮᠢᠳᠤᠷᠠᠯ᠂ ᠦᠷ ᠡ ᠲᠥᠯᠦᠢ ᠶ᠋ᠢ ᠲᠠᠨᠢᠨ ᠮᠡᠳᠡᠵᠦ᠂ ᠲᠡᠳᠡᠨ ᠢ᠋ ᠬᠠᠶᠢᠷᠠᠯᠠᠨ ᠬᠠᠮᠠᠭᠠᠯᠠᠬᠤ᠂ ᢈᠦᠨᠳᠦᠳᢈᠡᠯᠲᠡᠢ ᠬᠠᠨᠳᠤᠬᠤ ᠴᠢᠳᠠᠪᠤᠷᠢ ᠳ᠋ᠤ ᠰᠤᠷᠤᠯᠴᠠᠬᠤ᠂ ᢈᠡᠦᢈᠡᠳ ᠦ᠋ᠳ ᢉᠡᠷ ᠪᠦᠯᠢ ᠶ᠋ᠢᠨ ᢈᠢᠨ ᠲᠡᠢ ᠪᠡᠨ ᠬᠠᠮᠲᠤᠷᠠᠨ ᠰᠢᠪᠠᠵᠢ ᠪᠣᠯᠤᠨ ᢈᠥᢈᠦᠲᠡᠨ ᠠᠮᠢᠲᠠᠳ ᠠ᠋ᠴᠠ ᠰᠣᠩᠭᠤᠨ ᠰᠣᠨᠢᠷᠬᠠᠯᠲᠠᠢ ᠪᠠᠷᠢᠮᠲᠠ ᠴᠤᠭᠯᠠᠭᠤᠯᠵᠤ᠂ ᠠᠩᢉᠢ ᠶ᠋ᠢᠨ ᢈᠢᠨ ᠲᠠᠢ ᠪᠠᠨ ᠶᠠᠷᠢᠯᠴᠠᠵᠤ ᠰᠠᠨᠠᠭ ᠠ ᠪᠣᠳᠤᠯ ᠢ᠋ᠶᠠᠨ ᠬᠤᠪᠢᠶᠠᠯᠴᠠᠯ ᠠ᠃ ᠪᠠᠭᠰᠢ᠂ ᢈᠡᠦᢈᠡᠳ ᠦ᠋ᠳ ᠮᠡᠳᠡᠯᢉᠡ ᠪᠡᠨ ᠪᠠᠲᠤᠳᠬᠠᠬᠤ ᠵᠣᠷᠢᠯᠭ ᠠ ᠪᠠᠷ «ᠪᠠᠶᠢᠭᠠᠯᠢ ᠶ᠋ᠢᠨ ᠲᠡᠦᢈᠡ ᠶ᠋ᠢᠨ ᠮᠦᠽᠧᠢ»-ᠨᠲᠤ ᠲᠠᠶᠢᠯᠪᠤᠷᠢ ᠳ᠋ᠤ ᠠᠶᠠᠯᠠᠯ ᠳ᠋ᠤ ᠬᠠᠮᠤᠷᠭᠠᠳᠠᠨ ᠮᠦᠽᠧᠢ ᠳ᠋ᠦ ᠥᠪᠡᠷ ᠦ᠋ᠨ ᠲᠥᠰᠦᢉᠡᠯᠡᠯ ᠦ᠋ᠨ ᠠᠮᠢᠲᠠᠳ ᠠᠮᠢᠳᠤ ᠮᠡᠲᠦ ᠪᠦᠷᠢ ᠭᠣᠶᠤ ᠣᠷᠴᠢᠨ ᠳ᠋ᠤ ᠪᠠᠶᠢᠬᠤ ᠶ᠋ᠢ ᠬᠠᠷᠠᠭᠰᠠᠨ ᢈᠡᠦᢈᠡᠳ ᠦ᠋ᠳ ᠰᠢᢈᠢᠷ ᠬᠠᠷᠠᠭᠰᠠᠨ ᠮᠡᠲᠦ ᠪᠠᠶᠠᠷᠯᠠᠵᠤ ᠦᠵᠡᠮᠦᠷᠢ ᠨᠦ᠋ᢉᠦᠳ ᠢ᠋ ᠮᠠᠰᠢ ᠠᠩᠬᠠᠷᠤᠯᠲᠠᠢ ᠠᠵᠢᠭᠯᠠᠨ ᠰᠣᠨᠢᠷᠬᠠᠵᠤ᠂ ᠰᠣᠨᠢᠷᠬᠠᠯᠲᠠᠢ ᠮᠡᠳᠡᠯᢉᠡ ᠴᠤᠭᠯᠠᠭᠤᠯᠤᠯ ᠠ᠃ ᢈᠡᠦᢈᠡᠯᠳᠡᠢ ᠶ᠋ᠢᠨ ᠻᠢᠨᠣ᠋᠂ ᠠᠮᠢᠲᠠᠨ ᠤ᠋ ᢈᠦᠷᠢᠶᠡᠯᠡᠩ ᠳ᠋ᠦ ᠪᠠᠶᠢᠳᠠᠭ ᠠᠷᠢᠶᠠᠲᠠᠨ ᠤ᠋ ᠬᠠᠭᠠᠨ ᠠᠷᠰᠯᠠᠨ ᠮᠠᠨ ᠤ᠋ ᠤᠯᠤᠰ ᠲᠤ ᠪᠤᠰᠤ ᠠᠹᠷᠢᠻᠠ ᠶ᠋ᠢᠨ ᠣᠶᠢᠲᠤ ᢈᠡᢉᠡᠷ ᠡ ᠶ᠋ᠢᠨ ᠪᠦᠰᠡ ᠳ᠋ᠦ ᠪᠦᠯᠢ ᠪᠡᠷ ᠢ᠋ᠶᠡᠨ ᠠᠮᠢᠳᠤᠷᠠᠳᠠᠭ ᢉᠡᠳᠡᢉ ᠢ᠋ ᠰᠠᠶᠢᠨ ᠮᠡᠳᠡᠵᠦ ᠠᠪᠤᠯ ᠠ᠃ ᢈᠡᠪᠯᠡᠷ ᠡ ᠶᠠᠪᠤᠭᠴᠢ “ᠶᠠᠰᠤᠲᠤ ᠮᠡᠨᠡᢈᠡᠢ” ᠠᠶᠤᠯ ᠠ᠋ᠴᠠ ᠬᠤᠶᠠᠭᠨ ᠤ᠋ ᠪᠠᠨ ᠲᠤᠰᠠᠯᠠᠮᠵᠢ ᠲᠠᠢ ᠨᠢᠭᠤᠭᠳᠠᠳᠠᠭ᠂ ᠵᠠᠷᠢᠮ ᠨᠢ ᠪᠦᠷᠢ ᠑᠕᠐ ᠵᠢᠯ ᠨᠠᠰᠤᠯᠠᠳᠠᠭ ᠭᠠᠶᠢᠬᠠᠯᠲᠠᠢ ᠠᠮᠢᠲᠠᠨ ᠶᠤᠮ᠃ ᠭᠠᠵᠠᠷ ᠢ᠋ᠶᠠᠷ ᢉᠦᠢᠯᠳᠦᠳᠡᢉ ᠰᠢᠷᠭᠤᠯᠵᠢ᠂ ᠡᢉᠦᠷ ᠦ᠋ᠨ ᠢ᠋ᠶᠡᠨ ᠣᠷᠴᠢᠮ ᠳᠦᠩᢉᠢᠨᠡᠳᠡᢉ ᠵᠥᢉᠡᠢ᠂ ᠴᠡᠴᠡᢉ ᠳᠠᠮᠵᠢᠭᠰᠠᠨ ᠴᠣᠬᠤᠷ ᠡᠷᠪᠡᢈᠡᠢ ᠪᠦᢉᠦᠳᠡ ᠬᠠᠷᠠᠬᠤ ᠳ᠋ᠤ ᠥᢉᠡᠷ ᠡ ᠥᢉᠡᠷ ᠡ ᠪᠣᠯᠪᠠᠴᠤ ᠪᠦᢉᠦᠳᠡ ᠖ ᢈᠥᠯ ᠲᠡᠢ᠂ ᠪᠡᠶ ᠡ ᠨᠢ ᠲᠣᠯᠤᠭᠠᠢ᠂ ᠴᠡᢉᠡᠵᠢ᠂ ᢉᠡᠳᠡᠰᠦ ᢉᠡᠰᠡᠨ ᠓ ᢈᠡᠰᠡᢉ ᠡᠴᠡ ᠪᠦᠷᠢᠳᠳᠡᢉ᠂ ᠲᠡᢉᠦᠨᠴᠢᠯᠡᠨ ᠮᠡᠳᠡᠷᠡᢈᠦᠢ ᠶ᠋ᠢᠨ ᠭᠣᠣᠯ ᠡᠷᢈᠡᠲᠡᠨ ᠨᠢ ᠲᠡᠮᠲᠡᠷᠢᢉᠦᠯ ᢉᠡᠳᠡᢉ ᠢ᠋ ᠮᠡᠳᠡᠵᠦ ᠠᠪᠤᠯ ᠠ᠃ ᠬᠠᠮᠤᠭ ᠤ᠋ᠨ ᠲᠣᠮᠤ ᢈᠥᢈᠦᠲᠡᠨ ᠠᠮᠢᠲᠠᠨ ᠪᠣᠯᠬᠤ ᠬᠠᠨᠳᠠᠭᠠᠢ ᠬᠠᠭᠤᠷᠠᠢ ᠭᠠᠵᠠᠷ ᠖᠐ ᠻᠮ ᠴᠠᠭ ᠤ᠋ᠨ ᠬᠤᠷᠳᠤ ᠲᠠᠢ ᠳᠠᠪᢈᠢᠵᠤ᠂ ᠤᠰᠤᠨ ᠓᠐ ᠰᠧᠻᠦ᠋ᠨ᠋ᠳ᠋ ᠱᠤᠩᠪᠠᠵᠤ ᠴᠢᠳᠠᠳᠠᠭ ᠬᠠᠨᠳᠠᠭᠠᠢ ᠨᠢ ᢈᠥᠪᠰᠦᢉᠦᠯ ᠪᠣᠯᠤᠨ ᢈᠡᠨᠲᠡᠢ ᠠᠶᠢᠮᠠᠭ ᠲᠤ ᠠᠮᠢᠳᠤᠷᠠᠳᠠᠭ ᠶᠤᠮ᠃ ᢈᠡᠦᢈᠡᠳ ᠦ᠋ᠳ ᠠᠮᠢᠲᠠᠳ ᠤ᠋ᠨ ᠲᠠᠯᠠᠭᠠᠷ ᠲᠣᠳᠤᠷᠬᠠᠢ ᠣᠶᠢᠯᠠᠭᠠᠯᠲᠠ ᠲᠠᠢ᠂ ᠲᠡᠳᠡᠨ ᠢ᠋ ᠬᠠᠶᠢᠷᠠᠯᠠᠨ ᠬᠠᠮᠠᠭᠠᠯᠠᠬᠤ᠂ ᢈᠦᠨᠳᠦᠳᢈᠡᠯ ᠲᠡᠢ ᠬᠠᠷᠢᠴᠠᠬᠤ ᠴᠢᠳᠠᠪᠤᠷᠢ ᠳ᠋ᠤ ᠰᠤᠷᠤᠯᠴᠠᠨ᠂ ᠠᠮᠢᠲᠠᠳ ᠤ᠋ᠨ ᠲᠠᠯᠠᠭᠠᠷ ᠮᠡᠳᠡᠳᠡᢉ ᠳᠠᠭᠤᠤ ᠪᠠᠨ ᠳᠠᠭᠤᠯᠠᠵᠤ᠂ ᠰᠢᠯᠦᢉ ᠢ᠋ᠶᠡᠨ ᠤᠩᠰᠢᠨ ᠤᠷᠮ ᠠ ᠵᠣᠷᠢᠭ᠂ ᠬᠠᠶᠢᠷ ᠠ ᠳᠦᢉᠦᠷᠡᠩ ᢈᠢᠴᠢᠶᠡᠯ ᠪᠠᠶᠢᠯ ᠠ᠃ ᠪᠢᠴᠢᠬᠠᠨ ᠮᠣᠩᠭᠣᠯ ᠴᠡᠴᠡᠷᠯᠢᢉ ᠦ᠋ᠨ ᠰᠤᠷᠤᠯᠴᠠᠭᠴᠢ ᢈᠡᠦᢈᠡᠳ ᠦ᠋ᠳ ᠪᠣᠯᠤᠨ ᠰᠣᠨᠢᠷᠬᠠᠯᠲᠠᠢ ᢈᠢᠴᠢᠶᠡᠯ ᠢ᠋ ᠤᠳᠤᠷᠢᠳᠤᠨ ᠵᠣᢈᠢᠶᠠᠨ ᠪᠠᠶᠢᠭᠤᠯᠤᠭᠰᠠᠨ ᠡᠷᢈᠢᠯᠡᢉᠴᠢ᠂ ᠪᠠᠭᠰᠢ ᠨᠠᠷ ᠲᠤ ᠠᠮᠵᠢᠯᠲᠠ ᢈᠦᠰᠡᠶ ᠡ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ