
#ᠮᠣᠩᠭᠣᠯᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ᠂ ᠭᠣᠪᠢ ᠶ᠋ᠢᠨ ᠪᠠᠶᠢᠭᠠᠯᠢ ᠲᠡᠦᢈᠡ ᠶ᠋ᠢᠨ ᠮᠦᠽᠧᠢ ᠶ᠋ᠢᠨ ᠬᠠᠮᠲᠤ ᠶ᠋ᠢᠨ ᠠᠵᠢᠯᠯᠠᠭᠠᠨ ᠤ᠋ ᢈᠦᠷᠢᠶ ᠡᠨ ᠳ᠋ᠦ:
ᠰᠣᠶᠤᠯ ᠤ᠋ᠨ ᠥᠪ ᠦ᠋ᠨ ᠣᠯᠳᠠᠪᠤᠷᠢ᠂ ᠪᠠᠶᠢᠭᠠᠯᠢ ᠶ᠋ᠢᠨ ᠴᠤᠭᠯᠠᠭᠤᠯᠭ ᠠ ᠶ᠋ᠢ ᢈᠡᠷᢈᠢᠨ ᠴᠤᠭᠯᠠᠭᠤᠯᠬᠤ᠂ ᠪᠣᠯᠪᠠᠰᠤᠷᠠᠭᠤᠯᠬᠤ᠂ ᠬᠠᠳᠠᠭᠠᠯᠠᠵᠤ ᠬᠠᠮᠠᠭᠠᠯᠠᠬᠤ ᠮᠡᠷᢉᠡᠵᠢᠯ ᠦ᠋ᠨ ᠠᠷᠭ ᠠ ᠵᠦᠢ ᠪᠣᠯᠤᠨ ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠢᠯᠡᠰ ᠦ᠋ᠨ ᠤᠯᠤᠰ ᠤ᠋ᠨ ᠲᠣᠭᠠᠯᠠᠯᠭ ᠠ ᠶ᠋ᠢᠨ ᠲᠤᠬᠠᠢ ᠵᠢᠭᠠᠪᠤᠷᠢ᠂ ᠵᠥᠪᠯᠡᠮᠵᠢ ᠣᠨᠤᠯ ᠳᠠᠳᠤᠯᠭ ᠠ ᠬᠣᠣᠰᠯᠠᠭᠰᠠᠨ ᠰᠤᠷᠭᠠᠯᠲᠠ ᠶ᠋ᠢ ᠮᠦᠽᠧᠢ ᠪᠣᠯᠤᠨ ᠑᠔ ᠰᠤᠮᠤ ᠶ᠋ᠢᠨ ᠰᠣᠶᠤᠯ ᠤ᠋ᠨ ᠲᠥᠪ ᠦ᠋ᠨ ᠳᠠᠷᠤᠭ ᠠ᠂ ᠥᠪ ᠦ᠋ᠨ ᠠᠵᠢᠯᠲᠠᠨ ᠨᠤᠭᠤᠳ ᠲᠤ ᠵᠣᢈᠢᠶᠠᠨ ᠪᠠᠶᠢᠭᠤᠯᠤᠯ ᠠ᠃ ᠰᠤᠷᠭᠠᠯᠲᠠ ᠪᠠᠷ:
«ᠪᠠᠶᠢᠭᠠᠯᠢ ᠶ᠋ᠢᠨ ᠲᠡᠦᢈᠡ ᠶ᠋ᠢᠨ ᠴᠤᠭᠯᠠᠭᠤᠯᠭ ᠠ ᠶ᠋ᠢᠨ ᠬᠠᠳᠠᠭᠠᠯᠠᠯᠲᠠ᠂ ᠬᠠᠮᠠᠭᠠᠯᠠᠯᠲᠠ» ᠰᠡᠳᠦᠪ ᠢ᠋ᠶᠡᠷ ᠡ᠂ᠳᠡᠯᢉᠡᠷᠮ ᠠ (ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠠᠷᠭ ᠠ ᠵᠦᠶᠢᠴᠢ)
«ᠲᠡᠦᢈᠡ᠂ ᠰᠣᠶᠤᠯ ᠤ᠋ᠨ ᢈᠥᠳᠡᠯᢈᠦ ᠳᠤᠷᠠᠰᠬᠠᠯᠲᠤ ᠵᠦᠶᠢᠯ ᠢ᠋ ᠳᠡᠳ ᠰᠢᠰᠲ᠋ᠧᠮ ᠳ᠋ᠦ ᢈᠥᠲᠦᠯᢈᠦ ᠲᠤᠬᠠᠢ» ᠰᠡᠳᠦᠪ ᠢ᠋ᠶᠡᠷ ᠯᠠ᠂ᠪᠣᠯᠤᠷᠮ ᠠ (ᠭᠣᠪᠢ ᠶ᠋ᠢᠨ ᠪᠠᠶᠢᠭᠠᠯᠢ᠂ ᠲᠡᠦᢈᠡ ᠶ᠋ᠢᠨ ᠮᠦᠽᠧᠢ ᠶ᠋ᠢᠨ ᠡᠰᠢ᠂ ᠮᠠᢉᠢᠰᠲ᠋ᠷ)
«ᠮᠦᠽᠧᠢ ᠶ᠋ᠢᠨ ᠦᠶᠢᠯᠡᠴᠢᠯᠡᢉᠡ ᠪᠠ ᠬᠠᠷᠢᠯᠴᠠᠭᠠᠨ ᠤ᠋ ᠰᠣᠶᠤᠯ» ᠰᠡᠳᠦᠪ ᠢ᠋ᠶᠡᠷ ᠡ᠂ᠳᠡᠯᢉᠡᠷᠮ ᠠ (ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠠᠷᠭ ᠠ ᠵᠦᠶᠢᠴᠢ)
«ᠰᠢᠪᠠᠵᠢ ᠴᠤᠭᠯᠠᠭᠤᠯᠬᠤ ᠣᠨᠤᠯ ᠠᠷᠭ ᠠ ᠵᠦᠢ᠂ ᠳᠠᠳᠤᠯᠭ ᠠ ᠠᠵᠢᠯ» ᠭ᠂ ᠴᠡᠴᠡᢉᠪᠠᠳᠮ ᠠ (ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠡᠰᠢ ᠰᠢᠪᠠᠵᠢ- ᠰᠤᠳᠤᠯᠤᠭᠠᠴᠢ᠂ ᠮᠠᢉᠢᠰᠲ᠋ᠷ)
«ᢈᠥᠳᠡᠯᢈᠦ ᠳᠤᠷᠠᠰᠬᠠᠯᠲᠤ ᠵᠦᠶᠢᠯ ᠦ᠋ᠨ ᠤᠯᠤᠰ ᠤ᠋ᠨ ᠲᠣᠭᠠᠯᠠᠯᠭ ᠠ ᠶ᠋ᠢᠨ ᠲᠠᠯᠠᠭᠠᠷ ᠠᠪᠬᠤ ᠠᠷᠭ ᠠ ᢈᠡᠮᠵᠢᠶ ᠡ» ᠴᠠ᠂ ᠣᠳᠬᠠᠨᠲᠤᠶᠠᠭ ᠠ (ᠭᠣᠪᠢ ᠶ᠋ᠢᠨ ᠪᠠᠶᠢᠭᠠᠯᠢ᠂ ᠲᠡᠦᢈᠡ ᠶ᠋ᠢᠨ ᠮᠦᠽᠧᠢ ᠶ᠋ᠢᠨ ᠵᠠᢈᠢᠷᠤᠯ᠂ ᠮᠠᢉᠢᠰᠲ᠋ᠷ)
ᠰᠠᠩ ᢈᠥᠮᠦᠷᢉᠡ ᠶ᠋ᠢᠨ ᢈᠡᠯᠲᠡᠰ ᠦ᠋ᠨ ᠳᠠᠷᠤᠭ ᠠ᠂ ᠮᠠᢉᠢᠰᠲ᠋ᠷ ᠲ᠂ ᠳᠠᠰᠢᠪᠠᠲᠤ ( ᠪᠠᠶᠢᠭᠠᠯᠢ ᠶ᠋ᠢᠨ ᠮᠦᠽᠧᠢ ᠶ᠋ᠢᠨ ᠦᠵᠡᠮᠦᠷᠢ ᠳ᠋ᠦ ᠡᠷᠦᠰᠳᠡ ᠶ᠋ᠢᠨ ᠦᠨᠡᠯᠡᢉᠡ ᢈᠢᢈᠦ ) ᢉᠡᠰᠡᠨ ᠢᠯᠡᠳᢈᠡᠯ ᠦ᠋ᠳ ᠲᠠᠯᠪᠢᠭᠳᠠᠵᠤ᠂ ᠰᠠᠨᠠᠯ ᠪᠣᠳᠤᠯ ᠢ᠋ᠶᠠᠨ ᠰᠣᠯᠢᠯᠴᠠᠪᠠ᠃