ᠪᠠᠶᠢᠭᠠᠯᠢ ᠶ᠋ᠢᠨ ᠲᠡᠦᢈᠡ ᠶ᠋ᠢᠨ ᠮᠦᠽᠧᠢ

᠒᠐᠒᠕ ᠣᠨ ᠤ᠋ ᠑᠑ ᠳ᠋ᠦ᠋ᢉᠡᠷ ᠰᠠᠷ ᠠ ᠳ᠋ᠤ “ᠮᠣᠩᠭᠤᠯ ᠪᠠᠬᠠᠷᠬᠠᠯ” ᠠᠭᠤᠯᠭ ᠠ ᠶ᠋ᠢᠨ ᢈᠦᠷᠢᠶ ᠡᠨ ᠳ᠋ᠦ ᠪᠦᠲᠦᢉᠡᠯᠴᠢ ᠰᠠᠷ ᠠ ᠶ᠋ᠢᠨ ᠠᠶᠠᠨ ᠵᠣᢈᠢᠶᠠᠨ ᠪᠠᠶᠢᠭᠤᠯᠤᠭᠳᠠᠨ ᠠ

᠒᠐᠒᠕ᠤᠨ ᠑᠑ᠰᠠᠷ᠎ᠠ ᠶᠢᠨ ᠒᠔

ᠰᠣᠶᠤᠯ᠂ ᠪᠣᠯᠪᠠᠰᠤᠷᠠᠯ᠂ ᠨᠡᠶᠢᢉᠡᠮ ᠦ᠋ᠨ ᠴᠢᢉᠯᠡᠯ ᠢ᠋ᠶᠡᠷ ᠦᠢᠯᠡ ᠠᠵᠢᠯᠯᠠᠭ ᠠ ᠶᠠᠪᠤᠭᠤᠯᠳᠠᠭ ᠮᠡᠷᢉᠡᠵᠢᠯ ᠦ᠋ᠨ ᠬᠣᠯᠪᠤᠭᠠᠳ᠂ ᠣᠯᠠᠨ ᠨᠡᠶᠢᠲᠡ ᠶ᠋ᠢᠨ ᠪᠠᠶᠢᠭᠤᠯᠤᠯᠭ ᠠ ᠨᠤᠭᠤᠳ᠂ ᠴᠢᠯᠦᢉᠡᠲᠦ ᠤᠷᠠᠨ ᠪᠦᠲᠦᢉᠡᠯᠴᠢᠳ᠂ ᠡᠷᠳᠡᠮᠲᠡᠨ ᠰᠤᠳᠤᠯᠤᠭᠠᠴᠢᠳ ᠲᠠ ᠪᠦᢈᠦᠨ “ᠮᠣᠩᠭᠤᠯ ᠪᠠᠬᠠᠷᠬᠠᠯ” ᠠᠭᠤᠯᠭ ᠠ ᠶ᠋ᠢᠨ ᢈᠦᠷᠢᠶᠡᠨ ᠳ᠋ᠦ ᠦᠢᠯᠡ ᠠᠵᠢᠯᠯᠠᠭ ᠠ ᠪᠠᠨ ᠤᠶᠠᠯᠳᠤᠭᠤᠯᠵᠤ ᠠᠵᠢᠯᠯᠠᠬᠤ ᠶ᠋ᠢ ᠤᠷᠢᠶᠠᠯᠠᠵᠤ ᠪᠠᠶᠢᠨ ᠠ᠃ ᠡᠨᠡ ᢈᠦ ᠪᠦᠲᠦᢉᠡᠯᠴᠢ ᠰᠠᠷ ᠠ ᠶ᠋ᠢᠨ ᢈᠦᠷᠢᠶ ᠡᠨ ᠳ᠋ᠦ ᠤᠯᠤᠰ ᠤ᠋ᠨ ᢈᠡᠮᠵᠢᠶ ᠡᠨ ᠳ᠋ᠦ:
ᠰᠣᠶᠤᠯ᠂ ᠤᠯᠠᠮᠵᠢᠯᠠᠯ᠂ ᠲᠡᠦᢈᠡ ᠪᠡᠨ ᢈᠦᠨᠳᠦᠳᢈᠡᢈᠦ ᠰᠡᠳᢈᠢᠯᢉᠡ ᠶ᠋ᠢ ᠲᠥᠯᠦᠪᠰᠢᢉᠦᠯᢈᠦ᠂ ᠦᠨᠳᠦᠰᠦᠨ ᠦ᠋ ᢈᠡᠯᠡ᠂ᠪᠢᠴᠢᢉ ᠦ᠋ᠨ ᢈᠡᠷᠡᢉᠯᠡᢉᠡ ᠶ᠋ᠢ ᠨᠡᠮᠡᢉᠳᠡᢉᠦᠯᢈᠦ᠂ ᠦᠨ ᠡ ᠴᠢᠨ ᠢ᠋ ᠲᠠᠨᠢᠭᠤᠯᠬᠤ᠂ ᠲᠥᠷᠦ᠂ ᠨᠡᠶᠢᢉᠡᠮ ᠦ᠋ᠨ ᠵᠢᠳᢈᠦᠯᠲᠡᠨ ᠨᠦ᠋ᢉᠦᠳ ᠦ᠋ᠨ ᠪᠦᠲᠦᢉᠡᠯ ᠲᠤᠭᠤᠷᠪᠢᠯ᠂ ᠦᠵᠡᠯ ᠰᠠᠨᠠᠭ ᠠ ᠶ᠋ᠢ ᠲᠦᢉᠡᢉᠡᠨ ᠳᠡᠯᢉᠡᠷᠡᢉᠦᠯᢈᠦ᠂ ᠮᠣᠩᠭᠣᠯ ᠤᠯᠤᠰ ᠤ᠋ᠨ ᠦᠨᠳᠦᠰᠦᠨ ᠬᠠᠤᠯᠢ ᠶ᠋ᠢᠨ ᠦᠵᠡᠯ ᠰᠠᠨᠠᠭ ᠠ ᠶ᠋ᠢ ᠰᠤᠷᠲᠠᠯᠴᠢᠯᠠᠬᠤ᠂ᠲᠤᠰᠠᠭᠠᠷ ᠲᠣᠭᠲᠠᠨᠢᠯ ᠤ᠋ᠨ ᠦᠨ ᠡ ᠴᠢᠨ᠂ ᠡᠷᢈᠡ ᠵᠦᠶᠢᠲᠦ ᠰᠣᠶᠤᠯ ᠤ᠋ᠨ ᠤᠬᠠᠮᠰᠠᠷ ᠢ᠋ ᠪᠡᢈᠢᠵᠢᢉᠦᠯᢈᠦ ᠴᠢᢉᠯᠡᠯ ᠢ᠋ᠶᠡᠷ ᠳᠠᠷᠠᠭᠠᢈᠢ ᠥᠷᢉᠡᠨ ᢈᠦᠷᠢᠶ ᠡ ᠲᠡᠢ ᠦᠶᠢᠯᠡ ᠠᠵᠢᠯᠯᠠᠭ ᠠ ᠵᠣᢈᠢᠶᠠᠨ ᠪᠠᠶᠢᠭᠤᠯᠤᠭᠳᠠᠨ ᠠ᠃ ᠦᠵᠡᠰᢈᠦᠯᠡᠩ ᠰᠤᠷᠭᠠᠯᠲᠠ᠂ ᠯᠧᠻᠼ᠂ ᢈᠡᠯᠡᠯᠴᠡᢉᠦᠯᢉᠡ ᠡᠷᠳᠡᠮ ᠰᠢᠨᠵᠢᠯᠡᢉᠡᠨ ᠦ᠋ ᠬᠤᠷᠠᠯ ᠪᠣᠯᠪᠠᠰᠤᠷᠠᠯ ᠤ᠋ᠨ ᢈᠥᠲᠦᠯᠪᠦᠷᠢ ᠨᠦ᠋ᢉᠦᠳ ᠤᠷᠠᠯᠢᠭ ᠤ᠋ᠨ ᠲᠣᠭᠯᠠᠯᠲᠠ ᠲᠧᠯᠧᠸᠢᠽ᠂ ᠷᠠᠳᠢᠣ᠋ ᠶ᠋ᠢᠨ ᠤᠷᠠᠨ ᠰᠠᠶᠢᠬᠠᠨ ᠤ᠋ ᠨᠡᠶᠢᠲᠡᠯᠡᠯ᠂ ᠨᠡᠪᠲᠡᠷᠡᢉᠦᠯᢉᠡ ᠲᠠᠨᠢᠨ ᠮᠡᠳᠡᢈᠦᠢ ᠶ᠋ᠢᠨ ᠴᠠᢈᠢᠮ ᠻᠣᠨ᠋ᠲ᠋ᠧᠨ᠋ᠲ ᠤ᠋ᠳ ᠣᠯᠠᠨ ᠨᠡᠶᠢᠲᠡ ᠶ᠋ᠢᠨ ᢈᠦᠷᠲᠡᢉᠡᠯ ᠪᠣᠯᠬᠤ ᠶᠤᠮ᠃ #ᠮᠣᠩᠭᠣᠯᠪᠠᠬᠠᠷᠬᠠᠯ #ᠪᠦᠲᠦᢉᠡᠯᠴᠢᠰᠠᠷᠠ #ᠥᠪᠰᠣᠶᠤᠯ #ᠦᠨᠳᠦᠰᠦᠨᠡᠶᠢᠳᠠᠷᠬᠠᠯᠠᠭ ᠠ #ᠲᠡᠦᢈᠡᢉᠡᢈᠦᠨᠳᠡᠯᠡᠶ ᠡ #ᠲᠤᠰᠠᠭᠠᠷᠲᠣᠭᠲᠠᠨᠢᠯ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ