ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠮᠣᠩᠭᠣᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ ᠤ᠋ ᢈᠦᠷᠢᠶᠡᠨ ᠳ᠋ᠦ ᠵᠣᢈᠢᠶᠠᠨ ᠪᠠᠶᠢᠭᠤᠯᠤᠭᠳᠠᠭᠰᠠᠨ ᠦᠨᠳᠦᠰᠦᠨ ᠦ᠋ ᠪᠠᠬᠠᠷᠬᠠᠯᠲᠤ ᠠᠮᠢᠲᠠᠨ ᠮᠠᠵᠠᠭᠠᠯᠠᠢ ᠪᠠᠭᠠᠪᠠᠭᠠᠢ ᢈᠥᠲᠦᠯᠪᠦᠷᠢ ᠳ᠋ᠦ ᠨᠡᠶᠢᠰᠯᠡᠯ ᠦ᠋ᠨ ᠪᠠᠭᠠᠨᠠᠭᠤᠷ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠳᠤᠮᠳᠠ᠂ ᠠᠬᠠᠯᠠᠬᠤ ᠠᠩᢉᠢ ᠶ᠋ᠢᠨ ᠰᠤᠷᠤᠭᠴᠢᠳ ᠬᠠᠮᠤᠷᠤᠭᠳᠠᠯ ᠠ᠃

᠒᠐᠒᠕ᠤᠨ ᠑᠑ᠰᠠᠷ᠎ᠠ ᠶᠢᠨ ᠒᠔

ᠮᠣᠩᠭᠣᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ ᠤ᠋ ᢈᠦᠷᠢᠶᠡᠨ ᠳ᠋ᠦ ᠵᠣᢈᠢᠶᠠᠨ ᠪᠠᠶᠢᠭᠤᠯᠤᠭᠳᠠᠭᠰᠠᠨ ᠦᠨᠳᠦᠰᠦᠨ ᠦ᠋ ᠪᠠᠬᠠᠷᠬᠠᠯᠲᠤ ᠠᠮᠢᠲᠠᠨ ᠮᠠᠵᠠᠭᠠᠯᠠᠢ ᠪᠠᠭᠠᠪᠠᠭᠠᠢ ᢈᠥᠲᠦᠯᠪᠦᠷᠢ ᠳ᠋ᠦ ᠨᠡᠶᠢᠰᠯᠡᠯ ᠦ᠋ᠨ ᠪᠠᠭᠠᠨᠠᠭᠤᠷ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠨᠤᠭᠤᠳ ᠤ᠋ᠨ ᠳᠤᠮᠳᠠ᠂ ᠠᠬᠠᠯᠠᠬᠤ ᠠᠩᢉᠢ ᠶ᠋ᠢᠨ ᠰᠤᠷᠤᠭᠴᠢᠳ ᠬᠠᠮᠤᠷᠤᠭᠳᠠᠯ ᠢ᠋ᠶᠠᠨ ᠰᠣᠶᠤᠯ ᠤ᠋ᠨ ᠪᠦᠲᠦᢉᠡᠯᠴᠢ ᠰᠠᠷ ᠠ ᠠᠶᠠᠨ ᠤ᠋ ᠒ ᠳ᠋ᠠᢈᠢ ᠳᠣᠯᠤᠭ ᠠ ᠬᠣᠨᠤᠭ ᠲᠤ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠨᠢ ᠦᠨᠳᠦᠰᠦᠨ ᠦ᠋ ᠪᠠᠬᠠᠷᠬᠠᠯᠲᠤ ᠮᠠᠽᠠᠭᠠᠯᠠᠢ ᠪᠠᠭᠠᠪᠠᠭᠠᠢ ᠶ᠋ᠢ ᠲᠠᠨᠢᠭᠤᠯᠬᠤ ᠠᠵᠢᠯ ᠤ᠋ᠨ ᢈᠦᠷᠢᠶᠡᠨ ᠳ᠋ᠦ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭ ᠠ ᠶ᠋ᠢᠨ ᠭᠠᠵᠠᠷ᠂ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠶᠠᠮᠤᠨ ᠤ᠋ ᠰᠠᠨᠠᠭᠠᠴᠢᠯᠠᠭ ᠠ ᠪᠠᠷ ᠨᠡᠶᠢᠰᠯᠡᠯ ᠦ᠋ᠨ ᠪᠣᠯᠪᠠᠰᠤᠷᠠᠯ ᠤ᠋ᠨ ᠭᠠᠵᠠᠷ᠂ ᠪᠠᠶᠢᠭᠠᠯᠢ ᠣᠷᠴᠢᠨ ᠤ᠋ ᠮᠡᠳᠡᢉᠡᠯᠡᠯ ᠰᠤᠷᠭᠠᠯᠲᠠ ᠶ᠋ᠢᠨ ᠲᠥᠪ ᠲᠡᠢ ᠬᠠᠮᠲᠤᠷᠠᠨ ᢈᠡᠷᠡᢉᠵᠢᢉᠦᠯᠵᠦ ᠪᠠᠶᠢᠨ ᠠ᠃ ᠡᠨᠡ ᢈᠦ ᢈᠥᠲᠦᠯᠪᠦᠷᠢ ᠳ᠋ᠦ ᠵᠣᠷᠢᠭᠤᠯᠵᠤ ᠲᠤᠰᠬᠠᠶᠢᠯᠠᠨ ᠪᠡᠯᠡᠳᢈᠡᢉᠰᠡᠨ ᠲᠦᠷ ᠮᠦᠽᠧᠢ ᠶ᠋ᠢᠨ ᠰᠤᠷᠭᠠᠯᠲᠠ ᠶ᠋ᠢᠨ ᠲᠠᠩᢈᠢᠮ ᠳ᠋ᠤ ᠨᠡᠶᠢᠰᠯᠡᠯ ᠦ᠋ᠨ ᠪᠠᠭᠠᠨᠠᠭᠤᠷ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠪᠣᠯᠪᠠᠰᠤᠷᠠᠯ᠂ ᢉᠦᠩᠭᠠᠯᠠᠭᠤᠲᠠᠢ᠂ ᠣᠶᠤᠨ ᠤ᠋ ᠡᠷᠢᠨ ᠴᠣᠭᠴᠠᠯᠠᠪᠤᠷᠢ ᠰᠤᠷᠭᠠᠭᠤᠯᠢ ᠶ᠋ᠢᠨ ᠳᠤᠮᠳᠠ᠂ ᠠᠬᠠᠯᠠᠬᠤ ᠠᠩᢉᠢ ᠶ᠋ᠢᠨ ᠰᠤᠷᠤᠭᠴᠢᠳ᠂ ᠪᠠᠭᠰᠢ᠂ ᠵᠣᢈᠢᠶᠠᠨ ᠪᠠᠶᠢᠭᠤᠯᠤᠭᠴᠢᠳ᠂ ᠬᠠᠮᠲᠤᠷᠠᠨ ᠠᠵᠢᠯᠯᠠᠭᠴᠢ ᠪᠠᠶᠢᠭᠤᠯᠤᠯᠭ ᠠ ᠨᠤᠭᠤᠳ ᠤ᠋ᠨ ᠲᠥᠯᠦᢉᠡᠯᠡᠯ ᠣᠷᠤᠯᠴᠠᠯ ᠠ᠃ ᠢᠩᢉᠢᢉᠰᠡᠨ ᠢ᠋ᠶᠡᠷ ᠨᠡᠶᠢᠰᠯᠡᠯ ᠦ᠋ᠨ ᠠᠯᠤᠰᠯᠠᠭᠳᠠᠭᠰᠠᠨ ᠓ ᠳᠡᢉᠦᠷᢉᠡ ᠶ᠋ᠢᠨ ᠶᠧᠪᠰ-ᠡᠶᠢᠨ ᠰᠤᠷᠤᠭᠴᠢᠳ ᠲᠤ ᠦᠨᠳᠦᠰᠦᠨ ᠦ᠋ ᠪᠠᠬᠠᠷᠬᠠᠯᠲᠤ ᠮᠠᠵᠠᠭᠠᠯᠠᠢ ᠶ᠋ᠢ ᠲᠠᠨᠢᠭᠤᠯᠬᠤ ᢈᠥᠲᠦᠯᠪᠦᠷᠢ ᠳ᠋ᠦ ᠠᠮᠵᠢᠯᠲᠠᠲᠠᠢ ᢈᠡᠷᠡᢉᠵᠢᢉᠦᠯᠦᠯ ᠡ᠃ ᠮᠠᠵᠠᠭᠠᠯᠠᠢ ᠪᠠᠭᠠᠪᠠᠭᠠᠢ ᠪᠣᠯ ᠳᠡᠯᠡᢈᠡᠢ ᠳ᠋ᠦ ᠵᠥᠪᢈᠡᠨ ᠮᠣᠩᠭᠣᠯ ᠤ᠋ᠨ ᠭᠣᠪᠢ ᠳ᠋ᠤ ᠦᠯᠡᠳᠡᢉᠰᠡᠨ ᠨᠡᠩ ᠬᠣᠪᠤᠷ ᠠᠮᠢᠲᠠᠨ ᠶᠤᠮ᠃ ᠲᠡᢉᠦᠨ ᠢ᠋ ᠬᠠᠶᠢᠷᠠᠯᠠᠨ ᠬᠠᠮᠠᠭᠠᠯᠠᠬᠤ ᠨᠢ ᠵᠥᠪᢈᠡᠨ ᠪᠠᠶᠢᠭᠠᠯᠢ ᠬᠠᠮᠠᠭᠠᠯᠠᠭᠴᠢᠳ ᠤ᠋ᠨ ᠪᠤᠰᠤ ᠬᠠᠷᠢᠨ ᠪᠢᠳᠡᠨ ᠦ᠋ ᠢᠷᠡᢉᠡᠳᠦᠢ ᠪᠣᠯᠤᠭᠰᠠᠨ ᠰᠤᠷᠤᠭᠴᠢ ᠪᠦᠷᠢ ᠶ᠋ᠢᠨ ᠬᠠᠷᠢᠭᠤᠴᠠᠯᠭ ᠠ ᢉᠡᠳᠡᢉ ᠢ᠋ ᠡᠨᠡ ᠰᠤᠷᠭᠠᠯᠲᠠ ᠤᠷᠮ ᠠ ᠵᠣᠷᠢᠭᠲᠠᠢ ᠪᠠᠷ ᠲᠠᠨᠢᠭᠤᠯᠤᠯ ᠠ᠃ ᠡᠶᠢᠮᠦ ᠠᠴᠢ ᠬᠣᠯᠪᠤᠭᠳᠠᠯ ᠲᠠᠢ ᠰᠤᠷᠭᠠᠯᠲᠠ᠂ ᠠᠶᠠᠯᠠᠯ ᠢ᠋ ᠠᠮᠵᠢᠯᠲᠠᠲᠠᠢ ᠵᠣᢈᠢᠶᠠᠨ ᠪᠠᠶᠢᠭᠤᠯᠤᠭᠰᠠᠨ ᠪᠦᢈᠦ ᠪᠠᠶᠢᠭᠤᠯᠤᠯᠭ ᠠ᠂ ᠪᠠᠭᠰᠢ ᠨᠠᠷ᠂ ᠰᠤᠷᠤᠭᠴᠢᠳ ᠲᠤ ᠪᠠᠨ ᠴᠢᠩ ᠰᠡᠳᢈᠢᠯ ᠦ᠋ᠨ ᠲᠠᠯᠠᠷᠬᠠᠯ ᠢᠯᠡᠷᢈᠡᠶᠢᠯᠡᠶ ᠡ! ᠮᠠᠵᠠᠭᠠᠯᠠᠢ - ᠮᠣᠩᠭᠣᠯ ᠤ᠋ᠨ ᠪᠠᠬᠠᠷᠬᠠᠯ᠂ ᠪᠢᠳᠡᠨ ᠦ᠋ ᠬᠠᠷᠢᠭᠤᠴᠠᠯᠭ ᠠ!

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ