ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠮᠣᠩᠭᠣᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨᠪᠤᠷᠬᠠᠨ ᠬᠠᠯᠳᠤᠨ ᠠᠭᠤᠯᠠ

᠒᠐᠒᠕ᠤᠨ ᠑᠑ᠰᠠᠷ᠎ᠠ ᠶᠢᠨ ᠒᠔

ᠪᠤᠷᠬᠠᠨ ᠬᠠᠯᠳᠤᠨ ᠠᠭᠤᠯᠠ ᠨᠢ ᢈᠡᠨᠲᠡᠢ ᠶ᠋ᠢᠨ ᠨᠢᠷᠤᠭᠤᠨ ᠳ᠋ᠤ ᠪᠠᠭᠲᠠᠬᠤ ᠪᠥᢉᠡᠳ ᠴᠢᠩᢉᠢᠰ ᠬᠠᠭᠠᠨ ᠤ᠋ ᠲᠥᠷᠦᢉᠰᠡᠨ ᠨᠤᠲᠤᠭ ᠪᠥᢉᠡᠳ ᠲᠡᢉᠦᠨ ᠦ᠋ ᠪᠤᠯᠠᠰᠢ ᠪᠠᠶᠢᠳᠠᠭ ᢉᠡᠰᠡᠨ ᠳᠣᠮᠤᠭᠲᠠᠢ᠂ ᠮᠣᠩᠭᠣᠯᠴᠤᠳ ᠤ᠋ᠨ ᠡᠷᢈᠢᠮᠯᠡᠨ ᠰᠢᠲᠦᠳᠡᢉ ᠠᠭᠤᠯᠠ ᠶᠤᠮ᠃ ᠪᠤᠷᠬᠠᠨ ᠬᠠᠯᠳᠤᠨ ᠠᠭᠤᠯᠠ ᠨᠢ ᠠᠷᠤ ᠡᠪᠦᠷ ᠢ᠋ᠶᠡᠷ ᠢ᠋ᠶᠡᠨ ᠪᠢᠲᠡᢉᠦᠦ ᠮᠣᠳᠤ ᠪᠠᠷ ᠬᠤᠴᠢᠭᠳᠠᠭᠰᠠᠨ᠂ ᠵᠥᠪᢈᠡᠨ ᠣᠷᠤᠢ ᠬᠠᠪᠢ ᠳ᠋ᠤ ᠪᠠᠨ ᠰᠡᠶᠢᠷᠡᢉ ᠮᠣᠳᠤ ᠲᠠᠢ᠂ ᠲᠠᠶᠢᠭ ᠠ ᠶ᠋ᠢᠨ ᠲᠠᠴᠢᠷ ᠤᠷᠭᠤᠮᠠᠯ ᠲᠠᠢ ᠠᠭᠤᠯᠠ ᠶᠤᠮ᠃ ᠪᠤᠷᠬᠠᠨ ᠬᠠᠯᠳᠤᠨ ᠠᠭᠤᠯᠠᠨ ᠳ᠋ᠤ ᠳᠡᢉᠡᠳᠦ᠂ ᠳᠤᠮᠳᠠ᠂ ᠳᠣᠣᠷᠠᠳᠤ ᢈᠡᠮᠡᢈᠦ ᠭᠤᠷᠪᠠᠨ ᠣᠪᠤᠭ ᠠ ᠪᠠᠶᠢᠳᠠᠭ᠃ ᠳᠣᠭᠤᠳᠤ ᠣᠪᠤᠭ ᠠ ᠨᠢ ᠠᠭᠤᠯᠠ ᠶ᠋ᠢᠨ ᠪᠡᠯᠡᠳ᠂ ᠳᠤᠮᠳᠠ ᠣᠪᠤᠭ ᠠ ᠨᠢ ᠠᠭᠤᠯᠠ ᠶ᠋ᠢᠨ ᠳᠤᠮᠳᠠ ᠬᠠᠪᠢᠴᠠᠭ ᠠ ᠪᠠᠶᠢᠳᠠᠭ᠃ ᠠᠭᠤᠯᠠ ᠶ᠋ᠢᠨ ᠣᠷᠤᠢ ᠨᠢ ᠴᠡᠯᠡᠶᠢᢉᠰᠡᠨ ᠲᠣᠮᠤ ᠲᠡᢉᠰᠢ ᠲᠠᠯᠠᠪᠠᠢ ᠲᠠᠢ᠃ ᠲᠠᠯᠠᠪᠠᠢ ᠶ᠋ᠢᠨ ᠳᠤᠮᠳᠠ ᠪᠠᠷᠤᠭ ᢈᠦᠮᠦᠨ ᠦ᠋ ᠭᠠᠷ ᠢ᠋ᠶᠠᠷ ᢈᠢᢉᠰᠡᠨ ᢉᠡᠮ ᠢ᠋ᠶᠡᠷ ᢈᠥᠮᠦᠷᠢᢉᠰᠡᠨ ᠲᠡᠪᠰᠢ ᠮᠡᠲᠦ ᠲᠠᠪᠴᠠᠩ ᠪᠠᠶᠢᠳᠠᠭ᠃ ᠳᠤᠮᠳᠠ ᠣᠪᠤᠭᠠᠨ ᠤ᠋ ᠲᠡᠨᠳᠡ ᠮᠧᠲ᠋ᠷ ᠣᠷᠴᠢᠮ ᠤ᠋ᠨ ᠭᠣᠣᠯᠴᠢ ᠲᠠᠢ ᠲᠣᠮᠤ ᢈᠦᠷᠡᠯ ᠲᠣᠭᠤᠭ ᠠ ᠪᠤᠢ᠃ ᠠᠭᠤᠯᠠ ᠶ᠋ᠢᠨ ᠣᠷᠤᠢ ᠳ᠋ᠠᢈᠢ ᠶᠡᢈᠡ ᠣᠪᠤᠭᠠᠨ ᠤ᠋ ᠲᠡᠨᠳᠡ ᠡᠴᠡ ᠳᠣᠭᠤᠭᠰᠢ ᠶᠠᠪᠤᠬᠤ ᠳ᠋ᠤ ᠡᠩᢉᠡᠷ ᠲᠠᠯ ᠠ ᠶ᠋ᠢᠨ ᠵᠤᠶᠢᠪᠠᠩᠳᠠᠭᠤ ᠬᠠᠪᠴᠢᠯ ᠳ᠋ᠤ ᠲᠤᠩᠭᠠᠯᠠᠭ ᠰᠠᠶᠢᠬᠠᠨ ᠨᠠᠭᠤᠷ ᠪᠤᠢ᠃ ᠱᠤᠸᠠ-ᠡᠶᠢᠨ ᠭᠠᠵᠠᠷ ᠵᠦᠢ ᠶ᠋ᠢᠨ ᢈᠦᠷᠢᠶᠡᠯᠡᠩ ᠦ᠋ᠨ ᠡᠷᠳᠡᠮ ᠰᠢᠨᠵᠢᠯᠡᢉᠡᠨ ᠦ᠋ ᠠᠵᠢᠯᠲᠠᠨ ᠨᠠ‍᠂ᠪᠠᠵᠠᠷᢉᠦ᠋ᠷᠦ ᠨᠢᢉᠡᠨ ᠰᠢᠨ ᠡ ᠰᠠᠨᠠᠭ ᠠ ᠳᠡᠪᠰᠢᢉᠦᠯᠦᢉᠰᠡᠨ ᠪᠥᢉᠡᠳ ᠲᠡᠷᠡ ᠪᠡᠷ “ᠲᠡᠮᠦᠵᠢᠨ ᠪᠦᠷᢉᠦᠨ ᠡᠷᢉᠢ ᢉᠡᠳᠡᢉ ᠭᠠᠵᠠᠷ ᠨᠤᠲᠤᠭᠯᠠᠵᠤ ᠪᠠᠶᠢᠬᠤ ᠳ᠋ᠤ ᠲᠠᠶᠢᠴᠢᠭᠤᠳ ᠳᠠᠶᠢᠯᠠᠨ ᠢᠷᠡᠵᠦ ᠲᠡᠮᠦᠵᠢᠨ ᠪᠦᠷᢉᠦᠨ ᠡᠷᢉᠢ ᠡᠴᠡ ᠒᠔ ᠻᠢᠯᠤᠮᠧᠲ᠋ᠷ ᠲᠦ ᠣᠷᠤᠰᠢᠬᠤ ᠮᠥᠩᢈᠡᠵᠢᠷᠭᠠᠯᠠᠨ ᠠᠭᠤᠯᠠ ᠶ᠋ᠢᠨ ᠵᠦᢉ ᠡᠳᠦᠷ ᠲᠦ ᠪᠡᠨ ᠵᠢᠭᠤᠲᠠᠭᠠᠭᠰᠠᠨ᠃ ᠡᠨᠡ ᠠᠭᠤᠯᠠᠨ ᠳ᠋ᠤ ᠲᠡᠷᠡ ᠣᠯᠠᠨ ᠵᠢᠯ ᠠᠮᠢᠳᠤᠷᠠᠭᠰᠠᠨ᠃ ᠲᠡᠶᠢᠮᠦ ᠤᠴᠢᠷ ᠠ᠋ᠴᠠ ᠡᠨᠡ ᠠᠭᠤᠯᠠ ᠪᠣᠯ ᠵᠢᠩᢈᠢᠨᠢ ᠲᠥᠷᠦ ᠶ᠋ᠢᠨ ᠲᠠᢈᠢᠯᠭ ᠠ ᠲᠠᠢ ᠠᠭᠤᠯᠠ ᠪᠠᠶᠢᠬᠤ ᠶᠣᠰᠤᠲᠠᠢ” ᢈᠡᠮᠡᠨ ᠳᠡᠪᠰᠢᢉᠦᠯᠦᢉᠰᠡᠨ᠃ ᠲᠡᠦᢈᠡ ᠶ᠋ᠢᠨ ᠤᠷᠲᠤ ᠵᠠᠮ ᠤ᠋ᠨ ᠡᢈᠢᠨ ᠳ᠋ᠦ ᠬᠠᠨ ᢈᠡᠨᠲᠡᠢ ᠠᠭᠤᠯᠠ ᠶ᠋ᠢ ᠨᠡᠶᠢᠲᠡ ᠳ᠋ᠦ ᠨᠢ ᠪᠤᠷᠬᠠᠨ ᠬᠠᠯᠳᠤᠨ ᢉᠡᠵᠦ ᠨᠡᠷᠡᠯᠡᠵᠦ ᠪᠠᠶᠢᠵᠡᠢ᠃ ᠮᠥᠨ ᢈᠡᠨᠲᠡᠢ ᠶ᠋ᠢᠨ ᠨᠢᠷᠤᠭᠤᠨ ᠳ᠋ᠤ ᠪᠤᠷᠬᠠᠨ ᠬᠠᠯᠳᠤᠨ ᢉᠡᠰᠡᠨ ᠨᠡᠷ ᠡ ᠲᠡᠢ ᠑᠓ ᠭᠠᠵᠠᠷ ᠪᠠᠶᠢᠳᠠᠭ ᠠᠵᠡᠢ᠃ ᠡᢉᠦᠨ ᠳᠣᠲᠤᠷ ᠠ ᠠ᠋ᠴᠠ ᠬᠠᠮᠤᠭ ᠤ᠋ᠨ ᠥᠨᠳᠦᠷ ᠣᠷᢉᠢᠯ ᠨᠢ ᠪᠤᠷᠬᠠᠨ ᠬᠠᠯᠳᠤᠨ ᠨᠡᠷ ᠡ ᠲᠡᠢ ᠪᠡᠨ ᠦᠯᠡᠳᠡᢉᠰᠡᠨ᠃ ᠑᠘᠑᠘ ᠣᠨ ᠠ᠋ᠴᠠ ᠠᠯᠪᠠᠨ ᠶᠣᠰᠤᠭᠠᠷ ᠲᠠᢈᠢᠯᠭ ᠠ ᠦᠢᠯᠡᠳᠳᠡᢉ ᠪᠣᠯᠤᠭᠰᠠᠨ᠃ ᠑᠙᠙᠒ ᠣᠨ ᠳ᠋ᠤ ᠑᠒᠂᠐᠐᠐ ᠻᠮ² ᠲᠠᠯᠠᠪᠠᠢ ᠶ᠋ᠢ ᠬᠠᠨ ᢈᠡᠨᠲᠡᠢ ᠶ᠋ᠢᠨ ᠲᠤᠰᠬᠠᠢ ᠬᠠᠮᠠᠭᠠᠯᠠᠯᠲᠠ ᠲᠠᠢ ᠪᠦᠰᠡ ᢈᠡᠮᠡᠨ ᠲᠣᠭᠲᠠᠭᠠᠵᠤ᠂ ᠲᠥᠷᠦ ᠶ᠋ᠢᠨ ᠬᠠᠮᠠᠭᠠᠯᠠᠯᠲᠠ ᠳ᠋ᠤ ᠠᠪᠤᠭᠰᠠᠨ᠃ ᠑᠙᠙᠕ ᠣᠨ ᠳ᠋ᠤ ᠶᠡᠷᠦᠩᢈᠡᠶᠢᠯᠡᢉᠴᠢ ᠶ᠋ᠢᠨ ᠵᠠᠷᠯᠢᠭ ᠢ᠋ᠶᠠᠷ ᠪᠤᠷᠬᠠᠨ ᠬᠠᠯᠳᠤᠨ ᠠᠭᠤᠯᠠ ᠶ᠋ᠢ ᠲᠥᠷᠦ ᠶ᠋ᠢᠨ ᠲᠠᢈᠢᠯᠭᠠᠲᠤ ᠠᠭᠤᠯᠠ ᠪᠣᠯᠭᠠᠭᠰᠠᠨ ᠶᠤᠮ᠃ ᠲᠡᢉᠦᠨᠴᠢᠯᠡᠨ ᠒᠐᠑᠕ ᠣᠨ ᠤ᠋ ᠖-ᠷ ᠰᠠᠷ ᠠ ᠳ᠋ᠤ ᢈᠡᠩᠭᠤ- ᠤ᠋ᠨ ᠪᠣᠨᠨ ᠬᠣᠲᠠᠨ ᠠ ᠪᠣᠯᠤᠭᠰᠠᠨ ᠶᠦᠨᠧᠰᠻᠤ-ᢉᠡ ᠶ᠋ᠢᠨ ᠳᠡᠯᠡᢈᠡᠢ ᠶ᠋ᠢᠨ ᠥᠪ ᠦ᠋ᠨ ᠬᠣᠷᠢᠶᠠᠨ ᠤ᠋ ᠓᠙-ᠷ ᠴᠢᠭᠤᠯᠭᠠᠨ ᠠ᠋ᠴᠠ «ᠪᠤᠷᠬᠠᠨ ᠬᠠᠯᠳᠤᠨ ᠠᠭᠤᠯᠠ᠂ ᠲᠡᢉᠦᠨ ᠢ᠋ ᢈᠦᠷᠢᠶᠡᠯᠡᢉᠰᠡᠨ ᠲᠠᢈᠢᠯᠭᠠᠲᠤ ᠭᠠᠵᠠᠷ ᠨᠤᠲᠤᠭ» ᢈᠡᠮᠡᢈᠦ ᠨᠡᠷ ᠡ ᠪᠡᠷ ᠳᠡᠯᠡᢈᠡᠢ ᠶ᠋ᠢᠨ ᠰᠣᠶᠤᠯ ᠤ᠋ᠨ ᠥᠪ ᠲᠦ ᠪᠦᠷᠢᠳᢈᠡᠵᠦ ᠠᠪᠴᠡᠢ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ