ᠪᠠᠶᠢᠭᠠᠯᠢ ᠶ᠋ᠢᠨ ᠲᠡᠦᢈᠡ ᠶ᠋ᠢᠨ ᠮᠦᠽᠧᠢ

“ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ ᠦᠨᠳᠦᠰᠦᠨ ᠦ᠋ ᢈᠥᠲᠦᠯᠪᠦᠷᠢ”-ᠲᠢ ᠑᠐ ᠮᠢᠩᠭ ᠠ ᠭᠠᠷᠤᠢ ᢈᠡᠦᢈᠡᠳ᠂ ᠵᠠᠯᠠᠭᠤᠰ ᠬᠠᠮᠤᠷᠤᠭᠳᠠᠯ ᠠ᠃

᠒᠐᠒᠕ᠤᠨ ᠑᠑ᠰᠠᠷ᠎ᠠ ᠶᠢᠨ ᠒᠔

ᠮᠣᠩᠭᠤᠯ ᠪᠠᠬᠠᠷᠬᠠᠯ ᠰᠣᠶᠤᠯ ᠤ᠋ᠨ ᠪᠦᠲᠦᢉᠡᠯᠴᠢ ᠰᠠᠷ ᠠ ᠠᠶᠠᠨ
“ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ ᠦᠨᠳᠦᠰᠦᠨ ᠦ᠋ ᢈᠥᠲᠦᠯᠪᠦᠷᠢ”-ᠲ ᠑᠐ ᠮᠢᠩᠭ ᠠ ᠭᠠᠷᠤᠢ ᢈᠡᠦᢈᠡᠳ᠂ ᠵᠠᠯᠠᠭᠤᠴᠤ ᠬᠠᠮᠤᠷᠤᠭᠳᠠᠯ ᠠ
“ᠦᠨᠳᠦᠰᠦᠨ ᠦ᠋ ᠪᠠᠬᠠᠷᠬᠠᠯᠲᠤ ᠠᠮᠢᠲᠠᠨ ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ” ᢈᠥᠲᠦᠯᠪᠦᠷᠢ ᠶ᠋ᠢᠨ ᠬᠠᠭᠠᠯᠲᠠ ᠶ᠋ᠢᠨ ᠠᠷᠭ ᠠ ᢈᠡᠮᠵᠢᠶ ᠡ ᠥᠨᠦᠳᠦᠷ ᠪᠣᠯᠤᠯ ᠠ᠃ ᠠᠷᠭ ᠠ ᢈᠡᠮᠵᠢᠶᠡᠨ ᠦ᠋ ᠨᠡᢉᠡᢉᠡᠯᠲᠡ ᠳ᠋ᠦ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠰᠠᠶᠢᠳ ᠪᠠ᠃ ᠪᠠᠲᠤᠪᠠᠭᠠᠲᠤᠷ ᠣᠷᠤᠯᠴᠠᠵᠤ᠂ ᠮᠠᠵᠠᠭᠠᠯᠠᠢ ᠪᠠᠭᠠᠪᠠᠭᠠᠢ ᠪᠣᠯ ᠮᠣᠩᠭᠣᠯ ᠤ᠋ᠨ ᠪᠢᠣᠯᠣᢉᠢ ᠶ᠋ᠢᠨ ᠣᠯᠠᠨ ᠶᠠᠩᠵᠤ ᠪᠠᠶᠢᠳᠠᠯ ᠤ᠋ᠨ ᠪᠡᠯᢉᠡᠳᠡᠯ ᠪᠥᢉᠡᠳ ᠲᠡᢉᠦᠨ ᠢ᠋ ᠬᠠᠮᠠᠭᠠᠯᠠᠬᠤ ᠦᠢᠯᠡᠰ ᠲᠦ ᢈᠡᠦᢈᠡᠳ ᠪᠦᠷᠢ ᠶ᠋ᠢᠨ ᠣᠷᠤᠯᠴᠠᠭ ᠠ ᠴᠢᠬᠤᠯᠠ ᢉᠡᠳᠡᢉ ᠢ᠋ ᠣᠨᠴᠠᠯᠠᠪᠠ᠃ ᢈᠥᠲᠦᠯᠪᠦᠷᠢ ᠳ᠋ᠦ ᠣᠷᠤᠯᠴᠠᠭᠴᠢ ᠰᠤᠷᠤᠭᠴᠢᠳ ᠮᠦᠽᠧᠢ ᠶ᠋ᠢᠨ ᠰᠤᠷᠭᠠᠯᠲᠠ ᠶ᠋ᠢᠨ ᠣᠷᠴᠢᠨ ᠢ᠋ᠶᠠᠷ ᠳᠠᠮᠵᠢᠭᠤᠯᠤᠨ ᠣᠯᠭᠤᠭᠳᠠᠭᠰᠠᠨ ᠲᠠᠨᠢᠨ ᠮᠡᠳᠡᢈᠦᠢ ᠶ᠋ᠢᠨ ᠮᠡᠳᠡᠯᢉᠡ ᠪᠡᠨ ᠪᠠᠲᠤᠳᠬᠠᠨ ᠠᠩᢉᠢ ᠬᠠᠮᠲᠤ ᠣᠯᠠᠨ ᠢ᠋ᠶᠠᠷ ᠢ᠋ᠶᠠᠨ ᠫᠣᠰᠲ᠋ᠧᠷ ᠢᠯᠡᠳᢈᠡᠯ ᠪᠡᠯᠡᠳᢈᠡᠨ ᠣᠷᠤᠨ ᠳᠠᠶᠠᠭᠠᠷ ᢈᠡᠷᠡᢉᠵᠢᠵᠦ ᠪᠤᠢ ᠤᠯᠠᠮᠵᠢᠯᠠᠯ ᠪᠣᠯᠤᠨ ᠭᠤᠷᠪᠠ ᠳ᠋ᠠᢈᠢ ᠵᠢᠯ ᠳ᠋ᠦ ᠪᠡᠨ ᠵᠣᢈᠢᠶᠠᠨ ᠪᠠᠶᠢᠭᠤᠯᠤᠭᠳᠠᠵᠤ ᠪᠤᠢ ᠰᠣᠶᠤᠯ ᠤ᠋ᠨ ᠪᠦᠲᠦᢉᠡᠯᠴᠢ ᠰᠠᠷ ᠠ ᠳ᠋ᠤ ᠵᠣᠷᠢᠭᠤᠯᠤᠨ ᠲᠦᠷ ᠦᠵᠡᠰᢈᠦᠯᠡᠩ ᠳᠡᠯᢉᠡᢉᠳᠡᠵᠦ ᠣᠯᠠᠨ ᠤ᠋ ᢈᠦᠷᠲᠡᢉᠡᠯ ᠪᠣᠯᠵᠤ ᠡᢈᠢᠯᠡᠯ ᠡ᠃ ᠡᠨᠡ ᢈᠦ ᠦᠵᠡᠰᢈᠦᠯᠡᠩ ᠨᠢ ᠒᠐᠒᠔ ᠣᠨ ᠳ᠋ᠤ ᠠᠩᠬ ᠠ ᠳᠡᠯᢉᠡᢉᠳᠡᠵᠦ ᠪᠠᠶᠢᠭᠰᠠᠨ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠪᠣᠯᠪᠠᠰᠤᠷᠠᠯ ᠤ᠋ᠨ ᢈᠥᠲᠦᠯᠪᠦᠷᠢ ᠡᠴᠡ ᠲᠥᠷᠦᠨ ᠭᠠᠷᠤᠭᠰᠠᠨ ᠪᠦᠲᠦᢉᠡᠯ ᠦ᠋ᠨ ᠬᠣᠶᠠᠷ ᠳ᠋ᠠᢈᠢ ᠦᠵᠡᠰᢈᠦᠯᠡᠩ ᠪᠣᠯᠵᠤ ᠪᠤᠢ ᠪᠠᠷ ᠢ᠋ᠶᠠᠨ ᠣᠨᠴᠠᠯᠢᠭ ᠪᠣᠯᠵᠤ ᠪᠠᠶᠢᠨ ᠠ᠃ ᢈᠥᠲᠦᠯᠪᠦᠷᠢ ᠶ᠋ᠢᠨ ᢈᠦᠷᠢᠶ ᠡᠨ ᠳ᠋ᠦ ᠮᠦᠽᠧᠢ ᠶ᠋ᠢᠨ ᠪᠣᠯᠪᠠᠰᠤᠷᠠᠯ ᠳ᠋ᠤ ᠰᠠᠭᠤᠷᠢᠯᠠᠭᠰᠠᠨ ᠮᠦᠽᠧᠢ ᠶ᠋ᠢᠨ ᠡᠮᠦᠨᠡᢈᠢ – ᠮᠦᠽᠧᠢ ᠳ᠋ᠡᢈᠢ – ᠮᠦᠽᠧᠢ ᠶ᠋ᠢᠨ ᠳᠠᠷᠠᠭᠠᢈᠢ ᠭᠤᠷᠪᠠᠨ ᠦᠶ ᠡ ᠱᠠᠲᠤ ᠲᠠᠢ ᠰᠤᠷᠭᠠᠯᠲᠠ᠂ ᠦᠢᠯᠡ ᠠᠵᠢᠯᠯᠠᠭ ᠠ ᠶ᠋ᠢ ᢈᠡᠷᠡᢉᠵᠢᢉᠦᠯᠵᠦ᠂ ᢈᠡᠦᢈᠡᠳ ᠦ᠋ᠨ ᠨᠠᠰᠤ᠂ ᠰᠡᠳᢈᠢᢈᠦᠢ ᠶ᠋ᠢᠨ ᠣᠨᠴᠠᠯᠢᠭ ᠲᠤ ᠲᠣᢈᠢᠷᠠᠭᠤᠯᠤᠭᠰᠠᠨ ᠲᠠᠪᠤᠨ ᠲᠦᠪᠰᠢᠨ ᠦ᠋ ᠰᠤᠷᠭᠠᠯᠲᠠ ᠶ᠋ᠢᠨ ᢈᠥᠲᠦᠯᠪᠦᠷᠢ᠂ ᠪᠠᠭᠰᠢ ᠶ᠋ᠢᠨ ᠵᠥᠪᠯᠡᠮᠵᠢ᠂ ᠰᠤᠷᠤᠯᠴᠠᠭᠴᠢ ᠶ᠋ᠢᠨ ᢈᠥᠲᠦᠴᠢ ᠭᠠᠷ ᠤ᠋ᠨ ᠠᠪᠤᠯᠭ ᠠ ᠪᠣᠯᠪᠠᠰᠤᠷᠠᠭᠤᠯᠤᠨ ᠲᠦᢉᠡᢉᠡᢉᠰᠡᠨ ᠪᠠᠶᠢᠨ ᠠ᠃ ᠡᠨᠡ ᠨᠢ ᠪᠣᠯᠪᠠᠰᠤᠷᠠᠯ ᠪᠣᠯᠤᠨ ᠮᠦᠽᠧᠢ ᠶ᠋ᠢᠨ ᠣᠷᠴᠢᠨ ᠢ᠋ ᠤᠶᠠᠯᠳᠤᠭᠤᠯᠤᠭᠰᠠᠨ ᠴᠣᠭᠴᠠ ᠠᠷᠭ ᠠ ᠵᠦᠢ ᠪᠡᠷ ᢈᠡᠦᢈᠡᠳ᠂ ᠵᠠᠯᠠᠭᠤᠰ ᠢ᠋ ᠮᠠᠵᠠᠭᠠᠯᠠᠢ ᠪᠠᠭᠠᠪᠠᠭᠠᠢ ᠶ᠋ᠢᠨ ᠡᠻᠣᠰᠢᠰᠲ᠋ᠧᠮ ᠦ᠋ᠨ ᠠᠴᠢ ᠬᠣᠯᠪᠤᠭᠳᠠᠯ᠂ ᠪᠢᠣᠯᠣᢉᠢ ᠶ᠋ᠢᠨ ᠣᠯᠠᠨ ᠶᠠᠩᠵᠤ ᠪᠠᠶᠢᠳᠠᠯ ᠤ᠋ᠨ ᠦᠨᠡᠲᠦ ᠵᠦᠢᠯ ᠳ᠋ᠦ ᠲᠠᠨᠢᠨ ᠮᠡᠳᠡᢉᠦᠯᢈᠦ ᠳ᠋ᠦ ᠴᠢᢉᠯᠡᢉᠰᠡᠨ ᠶᠤᠮ᠃ “ᠦᠨᠳᠦᠰᠦᠨ ᠦ᠋ ᠪᠠᠬᠠᠷᠬᠠᠯᠲᠤ ᠠᠮᠢᠲᠠᠨ-ᠮᠠᠵᠠᠭᠠᠯᠠᠢ ᠪᠠᠭᠠᠪᠠᠭᠠᠢ ᠶ᠋ᠢ ᠲᠠᠨᠢᠭᠤᠯᠬᠤ” ᢈᠥᠲᠦᠯᠪᠦᠷᠢ ᠶ᠋ᠢᠨ ᠦᠷ ᠡ ᠳ᠋ᠦᠩ ᠳ᠋ᠦ:
ᠰᠤᠷᠤᠭᠴᠢᠳ ᠮᠠᠽᠠᠭᠠᠯᠠᠢ ᠪᠠᠭᠠᠪᠠᠭᠠᠢ ᠪᠣᠯᠤᠨ ᠮᠣᠩᠭᠣᠯ ᠣᠷᠤᠨ ᠤ᠋ ᠬᠣᠪᠤᠷ᠂ ᠨᠡᠩ ᠬᠣᠪᠤᠷ ᠠᠮᠢᠲᠠᠳ ᠤ᠋ᠨ ᠲᠠᠯᠠᠭᠠᠷ ᠰᠢᠨᠵᠢᠯᠡᢈᠦ ᠤᠬᠠᠭᠠᠨ ᠤ᠋ ᠦᠨᠳᠦᠰᠦᠯᠡᠯ ᠲᠡᠢ ᠮᠡᠳᠡᠯᢉᠡ ᠮᠡᠳᠡᢉᠡᠯᠡᠯ ᠲᠡᠢ ᠪᠣᠯᠵᠤ᠂ ᠪᠢᠣᠯᠣᢉᠢ ᠶ᠋ᠢᠨ ᠣᠯᠠᠨ ᠶᠠᠩᠵᠤ ᠪᠠᠶᠢᠳᠠᠯ ᠤ᠋ᠨ ᠦᠨ ᠡ ᠴᠢᠨ ᠢ᠋ ᠣᠶᠢᠯᠠᠭᠠᠨ ᠠ᠃ ᠡᠻᠣᠰᠢᠰᠲ᠋ᠧᠮ ᠦ᠋ᠨ ᠠᠴᠢ ᠬᠣᠯᠪᠤᠭᠳᠠᠯ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠨᠥᠯᠦᢉᠡᠯᠡᠯ ᠦ᠋ᠨ ᠲᠠᠯᠠᠭᠠᠷᢈᠢ ᠣᠶᠢᠯᠠᠭᠠᠯᠲᠠ ᢉᠦᠨᠵᠡᢉᠡᠶᠢᠷᠡᠵᠦ᠂ ᠪᠠᠶᠢᠭᠠᠯᠢ ᠬᠠᠮᠠᠭᠠᠯᠠᠬᠤ ᠵᠥᠪ ᠬᠠᠨᠳᠤᠯᠭ ᠠ ᠲᠥᠯᠦᠪᠰᠢᠨ ᠡ᠃ ᢈᠡᠦᢈᠡᠳ᠂ ᠵᠠᠯᠠᠭᠤᠰ ᠤ᠋ᠨ ᠪᠠᠶᠢᠭᠠᠯᠢ ᠬᠠᠮᠠᠭᠠᠯᠠᠬᠤ ᠦᠢᠯᠡ ᢈᠡᠷᠡᢉ ᠲᠦ ᠣᠷᠤᠯᠴᠠᠭ ᠠ᠂ ᠢᠳᠡᠪᢈᠢ ᠰᠠᠨᠠᠭᠠᠴᠢᠯᠭ ᠠ ᠨᠡᠮᠡᢉᠳᠡᠵᠦ᠂ ᠢᠷᢉᠡᠨ ᠦ᠋ ᠨᠡᠶᠢᢉᠡᠮ ᠦ᠋ᠨ ᠬᠠᠷᠢᠭᠤᠴᠠᠯᠭ ᠠ ᠶ᠋ᠢ ᠤᠬᠠᠮᠰᠠᠷᠯᠠᠨ ᠠ᠃ ᠶᠡᠷᠦᠩᢈᠡᠢ ᠪᠣᠯᠪᠠᠰᠤᠷᠠᠯ ᠤ᠋ᠨ ᠰᠤᠷᠭᠠᠯᠲᠠ ᠶ᠋ᠢᠨ ᠦᠶᠢᠯᠡ ᠠᠵᠢᠯᠯᠠᠭ ᠠ

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ