ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠳᠡᠯᠡᢈᠡᠢ ᠶ᠋ᠢᠨ ᢈᠡᠦᢈᠡᠳ ᠦ᠋ᠨ ᠡᠳᠦᠷ

᠒᠐᠒᠕ᠤᠨ ᠑᠑ᠰᠠᠷ᠎ᠠ ᠶᠢᠨ ᠒᠔

᠑᠑-ᠷ ᠰᠠᠷ ᠠ ᠶ᠋ᠢᠨ ᠒᠐ ᠪᠣᠯ ᠨᠦᠪ- ᠤ᠋ᠨ ᢈᠡᠦᢈᠡᠳ ᠦ᠋ᠨ ᠡᠷᢈᠡ ᠶ᠋ᠢᠨ ᠲᠤᠬᠠᠢ ᠻᠣᠨ᠋ᠸᠧᠨ᠋ᠼ ᠪᠠᠲᠤᠯᠠᠭᠳᠠᠭᠰᠠᠨ ᠡᠳᠦᠷ ᠪᠥᢉᠡᠳ ᠒᠐᠑᠗ ᠣᠨ ᠠ᠋ᠴᠠ ᠡᢈᠢᠯᠡᠨ ᠳᠡᠯᠡᢈᠡᠢ ᠶ᠋ᠢᠨ ᢈᠡᠦᢈᠡᠳ ᠦ᠋ᠨ ᠡᠳᠦᠷ ᠪᠣᠯᠭᠠᠨ ᠲᠡᠮᠳᠡᢉᠯᠡᠵᠦ ᠪᠠᠶᠢᠬᠤ ᠪᠠᠷ ᠨᠦᠪ- ᠤ᠋ᠨ ᢈᠡᠦᢈᠡᠳ ᠦ᠋ᠨ ᠰᠠᠩ ᠠ᠋ᠴᠠ ᠤᠷᠢᠶᠠᠯᠠᠭᠰᠠᠨ ᠤ᠋ ᠳᠠᠭᠠᠭᠤ ᠳᠡᠯᠡᢈᠡᠢ ᠶ᠋ᠢᠨ ᠑᠙᠐ ᠭᠠᠷᠤᠢ ᠣᠷᠤᠨ ᠨᠢᢉᠡᠳᠴᠡᠢ᠃ ᠡᠨᠡ ᠡᠳᠦᠷ ᢈᠡᠦᢈᠡᠳ ᠦ᠋ᠨ ᠳᠠᠭᠤ ᠬᠣᠭᠤᠯᠠᠢ ᠶ᠋ᠢ ᠰᠣᠨᠤᠰᠬᠤ᠂ ᢈᠡᠦᢈᠡᠳ ᠦ᠋ᠨ ᠡᠷᢈᠡ ᠶ᠋ᠢ ᢈᠦᠮᠦᠨ ᠪᠦᠷᠢ ᠳ᠋ᠦ ᠣᠶᠢᠯᠭᠠᠭᠤᠯᠵᠤ ᠲᠠᠨᠢᠭᠤᠯᠬᠤ᠂ ᢈᠡᠦᢈᠡᠳ ᠦ᠋ᠨ ᠲᠥᠯᠦᢉᠡ ᠰᠠᠨᠠᠯ ᠰᠠᠨᠠᠭᠠᠴᠢᠯᠭ ᠠ ᢈᠡᠷᠡᢉᠵᠢᢉᠦᠯᢈᠦ ᠴᠢᠬᠤᠯᠠ ᠡᠳᠦᠷ ᠶᠤᠮ᠃ “Mxrningstar” ᠬᠠᠮᠲᠤᠯᠢᠭ ᠲᠤᠰ ᠡᠳᠦᠷ ᠲᠦ ᠨᠢᢉᠡᠳᠴᠦ᠂ ᢈᠡᠦᢈᠡᠳ ᠪᠦᠷᠢ ᠶ᠋ᠢᠨ ᠡᠷᢈᠡ ᠶ᠋ᠢ ᢈᠦᠨᠳᠦᠳᢈᠡᠵᠦ᠂ ᢈᠡᠦᢈᠡᠳ ᠦ᠋ᠳ ᠢ᠋ᠶᠡᠨ ᠰᠣᠨᠤᠰᠬᠤ ᠶ᠋ᠢ ᠤᠷᠢᠶᠠᠯᠠᠵᠤ ᠪᠠᠶᠢᠨ ᠠ᠃ ᠡᠨᠡ ᢈᠦ ᠡᠳᠦᠷ ᠲᠦ ᠵᠣᠷᠢᠭᠤᠯᠤᠨ ᠨᠦᠪ- ᠤ᠋ᠨ ᢈᠡᠦᢈᠡᠳ ᠦ᠋ᠨ ᠰᠠᠩ ᠠ᠋ᠴᠠ ᠵᠣᢈᠢᠶᠠᠨ ᠪᠠᠶᠢᠭᠤᠯᠳᠠᠭ ᠡᠳᠦᠷᠯᠢᢉ ᠲᠦ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠓ ᠳ᠋ᠠᢈᠢ ᠵᠢᠯ ᠳ᠋ᠦ ᠪᠡᠨ ᠣᠷᠤᠯᠴᠠᠵᠤ ᠪᠠᠶᠢᠨ ᠠ᠃ ᠲᠠ ᠴᠤ ᠪᠠᠰᠠ ᠳᠡᠯᠡᢈᠡᠢ ᠶ᠋ᠢᠨ ᢈᠡᠦᢈᠡᠳ ᠦ᠋ᠨ ᠡᠳᠦᠷ ᠲᠦ ᠨᠢᢉᠡᠳᠦ᠋ᢉᠡᠷᠡᠢ! #WorldChildrensDay

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ