ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠪᠠᠶᠢᠭᠠᠯᠢ ᠶᠢᠨ ᠲᠦᠬᠡᠢ ᠶᠢᠨ ᠮᠦᠽᠧᠶ᠂ ᠬᠠᠮᠲᠤ ᠶᠢᠨ ᠠᠵᠢᠯᠯᠠᠭ ᠠ

᠒᠐᠒᠕ᠤᠨ ᠑᠐ᠰᠠᠷ᠎ᠠ ᠶᠢᠨ ᠑᠙

ᠶᠠᠫᠣᠨ᠋ ᠤᠯᠤᠰ ᠠ᠋ᠴᠠ ᠮᠣᠩᠭᠣᠯ ᠤᠯᠤᠰ ᠲᠤ ᠰᠠᠭᠤᠭ ᠠ ᠡᠯᠴᠢᠨ ᠰᠠᠶᠢᠳ ᠠᠰᠠᠨ ᠻᠣᠪᠠᠶᠠᠱᠢ ᢈᠢᠷᠣᠶᠦᠻᠢ᠂ ᠰᠣᠷ ᠠ ᠪᠣᠲ᠋ᠠᠨᠢᠺᠠᠯ ᠭᠠᠷᠳᠧᠨ-ᠡᠶᠢᠨ ᠴᠡᠴᠡᠷᠯᠢᢉᠵᠢᢉᠦᠯᠦᠯᠲᠡ᠂ ᠤᠷᠭᠤᠮᠠᠯ ᠤ᠋ᠨ ᠤᠷᠠᠯᠢᠭ ᠤ᠋ᠨ ᠨᠡᠷᠡᠲᠦ ᠮᠡᠷᢉᠡᠵᠢᠯᠲᠡᠨ ᠰᠡᠶᠢᠵᠦᠩ ᠨᠢᠰᠢᠬᠠᠲᠤ᠂ ᠰᠠᠨ ᠨᠢᠬᠠᠨ ᠰᠢᠲ᠋ᠦ᠋ᠺᠡ-ᠨᠣᠣ ᠺᠠᠢ ᠪᠠᠶᠢᠭᠤᠯᠤᠯᠭ ᠠ ᠶ᠋ᠢᠨ ᠶᠡᠷᠦᠩᢈᠡᠶᠢᠯᠡᢉᠴᠢ ᠨᠠᠣᠻᠣ ᠢᠲ᠋ᠣᢈᠦ᠂ ᠮᠥᠨ Funachu ᠻᠣᠮᠫᠠᠨᠢ ᠶ᠋ᠢᠨ ᢉᠦᠶᠢᠴᠡᠳᢈᠡᢈᠦ ᠵᠠᢈᠢᠷᠤᠯ ᠨᠠᠲ᠋ᠤ ᠠᠪᠢᠻᠤ ᠲᠡᠷᠢᢉᠦ ᠲᠡᠢ ᠲᠥᠯᠦᢉᠡᠯᠡᢉᠴᠢᠳ ᠢ᠋🇲🇳ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ᠂ ᠳ᠋ᠣᠻᠲ᠋ᠣᠷ (Sc᠃ D) ᠨ‍᠂ ᠮᠠᠨᠴᠤᠻᠠ᠂ ᠦᠵᠡᢉᠦᠯᠦᠯᢉᠡ᠂ ᠦᠵᠡᠰᢈᠦᠯᠡᠩ ᠦ᠋ᠨ ᢈᠡᠯᠲᠡᠰ ᠦ᠋ᠨ ᠳᠠᠷᠤᠭ ᠠ ᠣ‍᠂ ᠰᠣᠷᠢᠨᠵᠢᠨᠪᠣᠯᠤᠳ ᠨᠠᠷᠠ ᢈᠦᠯᠢᠶᠡᠨ ᠠᠪᠴᠤ ᠠᠭᠤᠯᠵᠠᠯ ᠠ᠃ ᠠᠭᠤᠯᠵᠠᠯᠲᠠ ᠶ᠋ᠢᠨ ᠦᠶ ᠡ ᠪᠡᠷ ᠲᠠᠯ ᠠ ᠨᠤᠭᠤᠳ:
ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠶ᠋ᠢᠨ ᠰᠢᠨ ᠡ ᠪᠠᠷᠢᠯᠭ ᠠ ᠪᠠᠶᠢᠭᠤᠯᠤᠮᠵᠢ᠂ ᠦᠵᠡᢉᠦᠯᠦᠯᢉᠡ ᠳᠢᢉᠯᠡᠯᠲᠡ ᠶ᠋ᠢᠨ ᠣᠨᠴᠠᠯᠢᠭ ᠢ᠋ ᠲᠠᠨᠢᠯᠴᠠᠭᠤᠯᠤᠨ ᠰᠠᠨᠠᠯ ᠰᠣᠯᠢᠯᠴᠠᠪᠠ᠃ ᠰᠢᠨ ᠡ ᠮᠦᠽᠧᠢ ᠶ᠋ᠢᠨ ᠭᠠᠳᠠᠭᠠᠳᠤ ᠲᠣᢈᠢᠵᠢᠯᠲᠠ᠂ ᠴᠡᠴᠡᠷᠯᠢᢉᠵᠢᢉᠦᠯᠦᠯᠲᠡ ᠶ᠋ᠢᠨ ᠴᠢᢉᠯᠡᠯ ᠢ᠋ᠶᠡᠷ ᠬᠠᠮᠲᠤᠷᠠᠨ ᠠᠵᠢᠯᠯᠠᠬᠤ ᠪᠣᠯᠤᠮᠵᠢ ᠶ᠋ᠢ ᠶᠠᠷᠢᠯᠴᠠᠪᠠ᠃ ᠲᠤᠰ ᠠᠭᠤᠯᠵᠠᠯᠲᠠ ᠶ᠋ᠢᠨ ᢈᠦᠷᠢᠶᠡᠨ ᠳ᠋ᠦ ᠳᠡᠯᠡᢈᠡᠢ ᠳ᠋ᠦ ᠨᠡᠷ ᠡ ᠳ᠋ᠦ ᠭᠠᠷᠤᠭᠰᠠᠨ ᠤᠷᠭᠤᠮᠠᠯ ᠤ᠋ᠨ ᠶᠢᠷᠲᠢᠨᠴᠦ ᠶ᠋ᠢᠨ ᠰᠤᠳᠤᠯᠤᠭᠠᠴᠢ ᠰᠡᠶᠢᠵᠦᠩ ᠨᠢᠰᠢᠬᠠᠲᠤ ᠰᠢᠨ ᠡ ᠮᠦᠽᠧᠢ ᠶ᠋ᠢᠨ ᠭᠠᠳᠠᠭᠠᠳᠤ ᠲᠣᢈᠢᠵᠢᠯᠲᠠ᠂ ᠴᠡᠴᠡᠷᠯᠢᢉᠵᠢᢉᠦᠯᠦᠯᠲᠡ ᠶ᠋ᠢᠨ ᠲᠥᠯᠦᠪᠯᠡᢉᠡᠨ ᠳ᠋ᠦ ᠵᠥᠪᠯᠡᠨ ᠳᠡᠮᠵᠢᠵᠦ ᠠᠵᠢᠯᠯᠠᠬᠤ ᠪᠠᠨ ᠢᠯᠡᠷᢈᠡᠶᠢᠯᠡᠯ ᠡ᠃

ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ