ᠪᠠᠶᠢᠭᠠᠯᠢ ᠶ᠋ᠢᠨ ᠲᠡᠦᢈᠡ ᠶ᠋ᠢᠨ ᠮᠦᠽᠧᠢ

ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ ᠪᠣᠯᠤᠯ ᠠ

᠒᠐᠒᠕ᠤᠨ ᠑᠒ᠰᠠᠷ᠎ᠠ ᠶᠢᠨ ᠓᠑

ᠥᠨᠦᠳᠦᠷ ᠵᠠᠰᠠᠭ ᠤ᠋ᠨ ᠭᠠᠵᠠᠷ ᠤ᠋ᠨ ᠬᠤᠷᠠᠯᠳᠤᠭᠠᠨ ᠢ᠋ᠶᠠᠷ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢ ᠪᠠᠶᠢᠭᠠᠯᠢ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠦ᠋ ᠮᠦᠽᠧᠢ' ᠪᠣᠯᠭᠠᠨ ᠥᢉᠡᠷᠡᠴᠢᠯᠡᠨ ᠪᠠᠶᠢᠭᠤᠯᠬᠤ ᠲᠡᠦᢈᠡᠨ ᠰᠢᠢᠳᠪᠦᠷᠢ ᠭᠠᠷᠤᠯ ᠠ᠃ ᠡᠨᠡ ᢈᠦ ᠲᠡᠦᢈᠡᠨ ᠰᠢᠢᠳᠪᠦᠷᠢ ᠨᠢ ᠮᠣᠩᠭᠣᠯ ᠤᠯᠤᠰ ᠤ᠋ᠨ ᠰᠢᠨᠵᠢᠯᠡᢈᠦ ᠤᠬᠠᠭᠠᠨ᠂ ᠲᠠᠨᠢᠨ ᠮᠡᠳᠡᢈᠦᠢ ᠪᠣᠯᠤᠨ ᠰᠣᠶᠤᠯ ᠤ᠋ᠨ ᠰᠠᠯᠪᠤᠷᠢ ᠶ᠋ᠢ ᠰᠢᠨ ᠡ ᠱᠠᠲᠤᠨ ᠳ᠋ᠤ ᠭᠠᠷᠭᠠᠬᠤ ᠴᠢᠬᠤᠯᠠ ᠠᠯᠬᠤᠮ ᠶᠤᠮ᠃

ᠡᠨᠡ ᢈᠦ ᠰᠢᠨ ᠡ ᠰᠲ᠋ᠠᠲ᠋ᠦ᠋ᠰ ᠨᠢ ᠮᠦᠽᠧᠢ ᠶ᠋ᠢᠨ ᠦᠢᠯᠡ ᠠᠵᠢᠯᠯᠠᠭ ᠠ ᠶ᠋ᠢ ᠣᠯᠠᠨ ᠤᠯᠤᠰ ᠤ᠋ᠨ ᠰᠤᠳᠤᠯᠭ ᠠ ᠰᠢᠨᠵᠢᠯᠡᢉᠡᠨ ᠦ᠋ ᠲᠦᠪᠰᠢᠨ ᠳ᠋ᠦ ᠭᠠᠷᠭᠠᠵᠤ᠂ ᠡᠷᠳᠡᠮ ᠰᠢᠨᠵᠢᠯᠡᢉᠡᠨ ᠦ᠋ ᠲᠣᠮᠤᠬᠠᠨ ᠲᠥᠪ ᠪᠣᠯᠬᠤ ᠥᠷᢉᠡᠨ ᠪᠣᠯᠤᠮᠵᠢ ᠶ᠋ᠢ ᠨᠡᢉᠡᢉᠡᠵᠦ ᠪᠠᠶᠢᠨ ᠠ᠃ ᠡᠨᠡ ᢈᠦ ᠦᠢᠯᠡ ᢈᠡᠷᠡᢉ ᠦ᠋ᠨ ᠲᠥᠯᠦᢉᠡ ᠰᠡᠳᢈᠢᠯ ᠵᠢᠷᠦᢈᠡ ᠪᠡᠨ ᠵᠣᠷᠢᠭᠤᠯᠵᠤ ᠢᠷᠡᢉᠰᠡᠨ ᠦᠶ ᠡ ᠦᠶ ᠡ ᠶ᠋ᠢᠨ ᠤᠳᠤᠷᠢᠳᠤᠯᠭ ᠠ ᠨᠤᠭᠤᠳ ᠪᠣᠯᠤᠨ ᠨᠡᠶᠢᠲᠡ ᠬᠠᠮᠲᠤ ᠣᠯᠠᠨ ᠳ᠋ᠤ ᠪᠠᠨ ᠬᠠᠯᠠᠭᠤᠨ ᠪᠠᠶᠠᠷ ᢈᠦᠷᢉᠡᠶ ᠡ!ᠮᠥᠨ ᠑᠐᠐ ᠵᠢᠯ ᠦ᠋ᠨ ᠲᠡᠦᢈᠡ ᠲᠡᠢ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠪᠡᠷ ᠵᠣᠴᠢᠯᠠᠵᠤ᠂ ᠪᠢᠳᠡᠨ ᠢ᠋ ᠦᠷᢉᠦᠯᠵᠢ ᠳᠡᠮᠵᠢᠵᠦ᠂ ᠬᠠᠮᠲᠤᠷᠠᠨ ᠠᠵᠢᠯᠯᠠᠵᠤ ᠢᠷᠡᢉᠰᠡᠨ ᠡᠷᢈᠢᠮ ᠦᠵᠡᢉᠴᠢᠳ᠂ ᠳᠡᠮᠵᠢᢉᠴᠢᠳ ᠲᠡᢉᠡᠨ ᠢᠷᠡᠵᠦ ᠪᠤᠢ ᠒᠐᠒᠖ ᠣᠨ ᠤ᠋ ᠪᠠᠶᠠᠷ ᠤ᠋ᠨ ᠮᠡᠨᠳᠦ ᠶ᠋ᠢ ᢈᠦᠷᢈᠡᠶ ᠡ᠃ ᠤᠭᠲᠤᠨ ᠵᠣᠯᠭᠠᠵᠤ ᠪᠤᠢ ᠰᠢᠨ ᠡ ᠣᠨᠳᠤᠤ:
• ᠡᠷᠡᢉᠦᠯ ᠡᠩᢈᠡ᠂ ᠠᠵᠠ ᠵᠢᠷᠭᠠᠯ ᠢ᠋ᠶᠠᠷ ᠳᠦᢉᠦᠷᠡᠩ ᠪᠠᠶᠢᠵᠤ᠂
• ᠡᠷᠳᠡᠮ ᠮᠡᠳᠡᠯᢉᠡ᠂ ᠰᠢᠨ ᠡ ᠨᠡᢉᠡᢉᠡᠯᠲᠡ ᠪᠡᠷ ᠠᠷᠪᠢᠨ᠂
• ᢈᠦᠰᠡᠯ ᠮᠥᠷᠦᢉᠡᠳᠦᠯ ᠪᠦᢈᠦᠨ ᠲᠠᠨᠢ ᠪᠡᠶᠡᠯᠡᢉᠰᠡᠨ ᠭᠠᠶᠢᠬᠠᠯᠲᠠᠢ ᠵᠢᠯ ᠪᠠᠶᠢᠬᠤ ᠪᠣᠯᠲᠤᠭᠠᠢ᠃

ᢈᠦᠨᠳᠦᠳᢈᠡᢉᠰᠡᠨ᠂ ᠪᠠᠶᠢᠭᠠᠯᠢ ᠶ᠋ᠢᠨ ᠲᠡᠦᢈᠡ ᠶ᠋ᠢᠨ ᠮᠦᠽᠧᠢ ᠶ᠋ᠢᠨ ᠵᠠᢈᠢᠷᠤᠯ ᠨ᠃ ᠮᠠᠨᠴᠤᠻᠠ


ᠪᠠᠶᠢᠭᠠᠯᠢ ᠶ᠋ᠢᠨ ᠲᠡᠦᢈᠡ ᠶ᠋ᠢᠨ ᠮᠦᠽᠧᠢ ᠒᠐᠒᠕ ᠣᠨ